︵ᠰᠤᠷᠪᠤᠯᠵᠢᠯᠠᠭᠴᠢ ᠮᠢᠶᠣᠣ ᠴᠢᠩ︶ ᠲᠦᠷᠦᠭᠦᠬᠡᠨ ᠬᠤᠷᠠᠯᠳᠤᠭᠰᠠᠨ 2019 ᠣᠨ ᠳᠤᠮᠳᠠᠳᠤ ᠤᠯᠤᠰ ︵ | ᠴᠠᠩᠴᠦ᠋ᠨ︶ ᠤᠨ ᠵᠤᠰᠠᠯᠠᠩ ᠤᠨ ᠵᠢᠭᠤᠯᠴᠢᠯᠠᠯ ᠤᠨ ᠠᠵᠤ ᠦᠢᠯᠡᠰ ᠤᠨ ᠲᠦᠷᠦᠭᠦᠴᠦᠳ ᠤᠨ ᠬᠤᠷᠠᠯ ᠳᠡᠭᠡᠷ᠎ᠡ | ᠥᠪᠥᠷ ᠮᠣᠩᠭᠤᠯ ᠤᠨ ᠷᠠᠰᠢᠶᠠᠨ ᠬᠤᠲᠠ 2019 ᠣᠨ ︽ᠵᠤᠰᠠᠯᠠᠩ ᠤᠨ ᠵᠢᠭᠤᠯᠴᠢᠯᠠᠯ ᠤᠨ ᠠᠷᠪᠠᠨ ᠰᠠᠶᠢᠨ | ᠬᠤᠲᠠ︾ ᠳᠤ ᠣᠷᠣᠵᠤ᠂ ᠤᠯᠠᠭᠠᠨᠴᠠᠪ ᠬᠤᠲᠠ ᠶᠢ ︽ᠵᠤᠰᠠᠯᠠᠩ ᠤᠨ ᠵᠢᠭᠤᠯᠴᠢᠯᠠᠯ ᠤᠨ ᠠᠷᠪᠠᠨ ᠬᠦᠴᠦᠷᠬᠡᠭ | ᠬᠤᠲᠠ︾᠂ ᠬᠥᠬᠡᠬᠤᠲᠠ᠂ ᠬᠥᠯᠥᠨ ᠪᠤᠶᠢᠷ ᠬᠤᠲᠠ᠂ ᠣᠷᠳᠣᠰ ᠬᠤᠲᠠ᠂ ᠶᠠᠭᠰᠢ ᠬᠤᠲᠠ ᠶᠢ ︽ᠵᠤᠰᠠᠯᠠᠩ ᠤᠨ | ᠵᠢᠭᠤᠯᠴᠢᠯᠠᠯ ᠤᠨ ᠵᠠᠭᠪᠤᠷ ᠬᠤᠲᠠ︾ ᠪᠠᠷ ᠬᠢᠨᠠᠨ ᠲᠣᠭᠲᠠᠭᠠᠪᠠ᠃ | ᠳᠤᠮᠳᠠᠳᠤ ᠤᠯᠤᠰ ᠤᠨ ᠴᠠᠭ ᠠᠭᠤᠷ ᠤᠨ ᠲᠣᠪᠴᠢᠶᠠᠨ ᠤ ᠣᠯᠠᠨ ᠨᠡᠶᠢᠲᠡ ᠶᠢᠨ ᠴᠠᠭ ᠠᠭᠤᠷ ᠤᠨ | ᠦᠢᠯᠡᠴᠢᠯᠡᠭᠡᠨ ᠤ ᠲᠥᠪ ᠪᠠ ᠳᠤᠮᠳᠠᠳᠤ ᠤᠯᠤᠰ ᠤᠨ ᠵᠢᠭᠤᠯᠴᠢᠯᠠᠯ ᠤᠨ ᠰᠤᠳᠤᠯᠭᠠᠨ ᠤ ᠬᠦᠷᠢᠶᠡᠯᠡᠩ ᠤᠨ ᠲᠤᠰᠬᠠᠶ | ᠮᠡᠷᠭᠡᠵᠢᠯᠲᠡᠨ ᠤ ᠳᠤᠭᠤᠶᠢᠯᠠᠩ ᠤᠨ ᠶᠡᠷᠦᠩᠬᠡᠶᠢᠯᠡᠭᠰᠡᠨ ᠦᠨᠡᠯᠡᠨ ᠲᠣᠭᠲᠠᠭᠠᠯᠲᠠ ᠪᠠᠷ ᠳᠠᠮᠵᠢᠭᠠᠳ᠂ ᠡᠨᠡ ᠵᠢᠯ | ᠴᠠᠩᠴᠦ᠋ᠨ ᠬᠤᠲᠠ᠂ ᠭᠦᠢᠶᠠᠩ ᠬᠤᠲᠠ᠂ ᠯᠢᠦ ᠫᠠᠨ ᠱᠦᠶ ᠬᠤᠲᠠ᠂ ᠯᠢᠵᠢᠶᠠᠩ ᠬᠤᠲᠠ᠂ ᠰᠢᠨᠢᠩ ᠬᠤᠲᠠ᠂ | ᠷᠠᠰᠢᠶᠠᠨ ᠬᠤᠲᠠ᠂ ᠹᠦᠰᠦ᠋ᠩ ᠰᠢᠶᠠᠨ᠂ ᠳ᠋ᠦᠨᠬᠤᠸᠠ ᠬᠤᠲᠠ᠂ ᠰᠢ ᠰᠢᠤ ᠲᠣᠭᠤᠷᠢᠭ᠂ ᠫᠦ ᠠᠨ ᠰᠢᠶᠠᠨ ︽ | ᠵᠤᠰᠠᠯᠠᠩ ᠤᠨ ᠵᠢᠭᠤᠯᠴᠢᠯᠠᠯ ᠤᠨ ᠠᠷᠪᠠᠨ ᠰᠠᠶᠢᠨ ᠬᠤᠲᠠ︾ ᠳᠤ ᠣᠷᠣᠪᠠ᠃ ᠡᠭᠦᠨ ᠤ ᠬᠠᠮᠲᠤ᠂ ᠴᠢᠭᠤᠯᠤᠯᠲᠤ | ᠬᠠᠭᠠᠯᠭ᠎ᠠ ᠬᠤᠲᠠ᠂ ᠤᠯᠠᠭᠠᠨᠴᠠᠪ ᠬᠤᠲᠠ᠂ ᠳ᠋ᠠᠯᠢᠶᠠᠨ ᠬᠤᠲᠠ᠂ ᠫᠢᠩ ᠯᠢᠶᠠᠩ ᠬᠤᠲᠠ᠂ ᠳ᠋ᠢᠩ ᠰᠢ ᠬᠤᠲᠠ᠂ ᠯᠦ | ᠳ᠋ᠢᠩ ᠰᠢᠶᠠᠨ᠂ ᠰᠢᠩ ᠢ ᠬᠤᠲᠠ᠂ ᠴᠢᠩ ᠯᠦᠩ ᠰᠢᠶᠠᠨ᠂ ᠠᠨ ᠯᠦᠩ ᠰᠢᠶᠠᠨ᠂ ᠲᠧᠭᠰ ᠰᠢᠶᠠᠨ ︽ | ᠵᠤᠰᠠᠯᠠᠩ ᠤᠨ ᠵᠢᠭᠤᠯᠴᠢᠯᠠᠯ ᠤᠨ ᠠᠷᠪᠠᠨ ᠬᠦᠴᠦᠷᠬᠡᠭ ᠬᠤᠲᠠ︾ ᠪᠣᠯᠪᠠ︔ ᠴᠠᠩ ᡁᠢ ᠬᠤᠲᠠ᠂ ᠬᠥᠬᠡᠬᠤᠲᠠ᠂ | ᠬᠥᠯᠥᠨ ᠪᠤᠶᠢᠷ ᠬᠤᠲᠠ᠂ ᠣᠷᠳᠣᠰ ᠬᠤᠲᠠ᠂ ᠭᠢᠷᠢᠨ ᠬᠤᠲᠠ᠂ ᠶᠠᠨᠲᠠᠶ ᠬᠤᠲᠠ᠂ ᠸᠧᠶ ᠬᠠᠢ ᠬᠤᠲᠠ᠂ ᠱᠤᠨ | ᠨᠦᠩ ᠵᠢᠶᠠ ᠰᠢᠭᠤᠶᠢᠲᠤ ᠣᠷᠣᠨ᠂ ᠯᠢᠨ ᡁᠢ ᠬᠤᠲᠠ᠂ ᠰᠠᠶᠢᠬᠠᠨ ᠵᠠᠪᠠᠢ ᠪᠣᠭᠤᠮᠲᠠ ᠬᠤᠲᠠ᠂ ᠶᠠᠭᠰᠢ ᠬᠤᠲᠠ᠂ | ᠵᠢᠩ ᠢᠦᠶ ᠰᠢᠶᠠᠨ᠂ ᠶᠠᠨ ᠵᠢᠶ ᠬᠤᠲᠠ᠂ ᠶᠦᠨ ᠴᠦᠨ ᠬᠤᠲᠠ᠂ ᠠᠨ ᠲᠤ ᠰᠢᠶᠠᠨ᠂ ᠮᠧᠶ ᠬᠥ᠋ ᠰᠢᠶᠠᠨ᠂ ᠰᠢᠩ | ᠷᠧᠨ ᠬᠤᠲᠠ᠂ ᠲᠠᠢ ᠪᠠᠶ ᠰᠢᠶᠠᠨ᠂ ᠸᠠ ᠢ ᠰᠢᠶᠠᠨ᠂ ᠸᠧᠶ ᠶᠤᠸᠠᠨ ᠰᠢᠶᠠᠨ ᠵᠡᠷᠭᠡ 20 ᠬᠤᠲᠠ ᠨᠢ ︽ | ᠵᠤᠰᠠᠯᠠᠩ ᠤᠨ ᠵᠢᠭᠤᠯᠴᠢᠯᠠᠯ ᠤᠨ ᠵᠠᠭᠪᠤᠷ ᠬᠤᠲᠠ︾ ᠪᠣᠯᠪᠠ᠃ | ᠲᠣᠰ ᠤᠳᠠᠭ᠎ᠠ ᠶᠢᠨ ᠲᠦᠷᠦᠭᠦᠴᠦᠳ ᠤᠨ ᠬᠤᠷᠠᠯ ᠠᠴᠠ ᠪᠠᠰᠠ ᠵᠤᠰᠠᠯᠠᠩ ᠤᠨ ᠵᠢᠭᠤᠯᠴᠢᠯᠠᠯ ᠤᠨ | ᠪᠠᠷᠢᠮᠵᠢᠶ᠎ᠠ ᠳᠤ ᠬᠦᠷᠦᠭᠰᠡᠨ ᠬᠤᠲᠠ ᠶᠢᠨ ᠨᠡᠷᠡᠰ ᠢ ᠨᠡᠶᠢᠲᠡᠯᠡᠵᠦ᠂ ᠮᠠᠨ ᠤ ᠣᠷᠣᠨ ᠤ ᠬᠥᠬᠡᠬᠤᠲᠠ᠂ ᠣᠷᠳᠣᠰ | ᠬᠤᠲᠠ᠂ ᠬᠥᠯᠥᠨ ᠪᠤᠶᠢᠷ ᠬᠤᠲᠠ᠂ ᠤᠯᠠᠭᠠᠨᠴᠠᠪ ᠬᠤᠲᠠ᠂ ᠪᠠᠶᠠᠨ ᠣᠪᠣᠭ᠎ᠠ ᠠᠭᠤᠷᠬᠠᠢ ᠶᠢᠨ ᠣᠷᠣᠨ᠂ ᠶᠠᠭᠰᠢ | ᠬᠤᠲᠠ᠂ ᠰᠢᠯᠢᠩᠬᠤᠲᠠ᠂ ᠷᠠᠰᠢᠶᠠᠨ ᠬᠤᠲᠠ 6 ᠳ᠋ᠤᠭᠠᠷ ᠰᠠᠷ᠎ᠠ᠂ 7 ᠳ᠋ᠤᠭᠠᠷ ᠰᠠᠷ᠎ᠠ᠂ 8 ᠳ᠋ᠤᠭᠠᠷ ᠰᠠᠷ᠎ᠠ ᠳᠤ | ᠵᠤᠰᠠᠵᠤ ᠪᠣᠯᠬᠤ ᠵᠤᠰᠠᠯᠠᠩ ᠤᠨ ᠬᠤᠲᠠ ᠶᠢᠨ ᠪᠠᠷᠢᠮᠵᠢᠶ᠎ᠠ ᠳᠤ ᠬᠥᠷᠪᠡ᠃ |