ᠮᠠᠯ ᠤᠨ ᠡᠪᠡᠳᠴᠢᠨ ᠢ ᠣᠨᠣᠰᠢᠯᠠᠬᠤ ᠦᠨᠳᠦᠰᠦᠨ ᠪᠠᠶᠢᠴᠠᠭᠠᠯᠲᠠ ᠶᠢᠨ ᠠᠷᠭ᠎ᠠ
ᠨᠡᠶᠢᠲᠡᠯᠡᠭᠰᠡᠨ ᠴᠠᠭ᠄
2019/7/31
      ᠮᠠᠯ ᠤᠨ ᠡᠪᠡᠳᠴᠢᠨ ᠢ ᠣᠨᠣᠰᠢᠯᠠᠬᠤ ᠳᠤ ᠶᠡᠷᠦᠳᠡᠭᠡᠨ ᠦᠨᠳᠦᠰᠦᠨ ᠪᠠᠶᠢᠴᠠᠭᠠᠯᠲᠠ᠂ ᠡᠩ ᠤᠨ ᠪᠠᠶᠢᠴᠠᠭᠠᠯᠲᠠ᠂ ᠰᠢᠰᠲ᠋ᠧᠮ ᠲᠠᠢ ᠪᠠᠶᠢᠴᠠᠭᠠᠯᠲᠠ ᠭᠡᠬᠦ ᠭᠤᠷᠪᠠᠨ ᠠᠯᠬᠤᠮ ᠢᠶᠠᠷ ᠶᠠᠪᠤᠭᠳᠠᠨ᠎ᠠ᠃ ᠦᠨᠳᠦᠰᠦᠨ ᠪᠠᠶᠢᠴᠠᠭᠠᠯᠲᠠ ᠨᠢ ᠦᠵᠡᠵᠦ ᠰᠢᠨᠵᠢᠯᠡᠬᠦ᠂ ᠦᠨᠦᠷᠲᠦᠵᠦ ᠰᠢᠨᠵᠢᠯᠡᠬᠦ᠂ ᠠᠰᠠᠭᠤᠵᠤ ᠰᠢᠨᠵᠢᠯᠡᠬᠦ᠂ ᠲᠡᠮᠲᠡᠷᠢᠵᠦ ᠲᠣᠭᠰᠢᠵᠤ ᠰᠢᠨᠵᠢᠯᠡᠬᠦ ᠪᠠ ᠴᠢᠩᠨᠠᠵᠤ ᠰᠢᠨᠵᠢᠯᠡᠬᠦ ᠪᠠᠷ ᠳᠠᠮᠵᠢᠨ ᠡᠪᠡᠳᠴᠢᠨ ᠡᠭᠦᠰᠦᠭᠰᠡᠨ ᠰᠢᠯᠲᠠᠭᠠᠨ ᠤ ᠢᠷᠡᠯᠲᠡ᠂ ᠡᠪᠡᠳᠴᠢᠨ ᠤ ᠬᠦᠨᠳᠦ ᠬᠥᠩᠭᠡᠨ ᠤ ᠪᠠᠶᠢᠳᠠᠯ ᠳᠤ ᠠᠩᠬ᠎ᠠ ᠠᠯᠬᠤᠮ ᠤᠨ ᠲᠠᠨᠢᠯᠲᠠ ᠲᠠᠢ ᠪᠣᠯᠵᠤ ᠡᠪᠡᠳᠴᠢᠨ ᠤ ᠣᠨᠣᠰᠢᠯᠠᠬᠤ ᠳᠤ ᠰᠠᠭᠤᠷᠢ ᠪᠠᠶᠢᠴᠠᠭᠠᠯᠲᠠ ᠶᠢᠨ ᠦᠢᠯᠡᠳᠦᠯ ᠲᠠᠢ ᠪᠠᠶᠢᠳᠠᠭ᠃ ᠳᠣᠣᠷ᠎ᠠ ᠦᠨᠳᠦᠰᠦᠨ ᠪᠠᠶᠢᠴᠠᠭᠠᠯᠲᠠ ᠶᠢᠨ ᠲᠤᠬᠠᠢ ᠳᠥᠭᠦᠮᠬᠡᠨ ᠲᠠᠨᠢᠯᠴᠠᠭᠤᠯᠤᠶ᠎ᠠ᠃      1. ᠦᠵᠡᠵᠦ ᠰᠢᠨᠵᠢᠯᠡᠬᠦ      ᠡᠪᠡᠳᠴᠢᠲᠡᠢ ᠮᠠᠯ ᠤᠨ ᠦᠰᠦ ᠶᠢᠨ ᠭᠢᠯᠦᠭᠡᠷ ᠡᠰᠡᠬᠦ᠂ ᠢᠳᠡᠰᠢᠯᠡᠬᠦ᠂ ᠬᠡᠪᠢᠬᠦ᠂ ᠪᠠᠭᠠᠰᠤᠨ ᠤ ᠬᠡᠯᠪᠡᠷᠢ ᠪᠠᠶᠢᠳᠠᠯ᠂ ᠰᠢᠭᠡᠰᠦᠨ ᠤ ᠥᠩᠭᠡ᠂ ᠬᠡᠮᠵᠢᠶ᠎ᠡ ᠵᠡᠷᠭᠡ ᠪᠦᠬᠦ ᠲᠠᠯ ᠢᠶᠠᠷ ᠦᠵᠡᠵᠦ ᠰᠢᠨᠵᠢᠨ᠎ᠡ᠃ ᠡᠪᠡᠳᠴᠢᠲᠡᠢ ᠮᠠᠯ ᠢ ᠭᠡᠷᠡᠯ ᠲᠤᠰᠤᠯᠲᠠ ᠰᠠᠶᠢᠨ ᠭᠠᠵᠠᠷ ᠬᠥᠭᠡᠭᠡᠵᠦ ᠠᠪᠠᠴᠢᠨ ᠬᠥᠳᠡᠯᠦᠯ ᠪᠠᠶᠢᠳᠠᠯ᠂ ᠲᠣᠯᠣᠭᠠᠢ ᠂ ᠴᠡᠭᠡᠵᠢ᠂ ᠬᠡᠪᠡᠯᠢ᠂ ᠨᠢᠷᠤᠭᠤ᠂ ᠳᠥᠷᠪᠡᠨ ᠮᠥᠴᠢ᠂ ᠬᠤᠰᠬᠢᠨᠠᠭ᠂ ᠤᠮᠠᠢ ᠶᠢᠨ ᠬᠡᠰᠡᠭ ᠢ ᠦᠵᠡᠵᠦ ᠰᠢᠨᠵᠢᠨ᠎ᠡ᠃      2. ᠦᠨᠦᠷᠲᠦᠵᠦ ᠰᠢᠨᠵᠢᠯᠡᠬᠦ      ᠮᠠᠯ ᠤᠨ ᠠᠮᠠᠨ ᠬᠥᠨᠳᠡᠢ ᠶᠢᠨ ᠦᠨᠦᠷ᠂ ᠬᠠᠮᠠᠷ ᠠᠴᠠ ᠭᠠᠷᠬᠤ ᠬᠡᠢ᠂ ᠪᠠᠭᠠᠰᠤ ᠰᠢᠭᠡᠰᠦ ᠶᠢᠨ ᠦᠨᠦᠷ ᠢ ᠦᠨᠦᠷᠲᠦᠵᠦ ᠰᠢᠨᠵᠢᠯᠡᠯᠲᠡ ᠬᠢᠨ᠎ᠡ᠃ ᠬᠤᠳᠣᠭᠤᠳᠤ ᠭᠡᠳᠡᠰᠦᠨ ᠤ ᠦᠷᠪᠢᠰᠦᠯ ᠤᠨ ᠦᠶ᠎ᠡ ᠳᠤ ᠪᠠᠭᠠᠰᠤ ᠨᠢ ᠰᠢᠩᠭᠡᠨ ᠪᠦᠭᠡᠳ ᠣᠨᠴᠠᠭᠠᠢ ᠦᠮᠡᠬᠡᠢ ᠦᠨᠦᠷ ᠲᠠᠢ᠂ ᠠᠭᠤᠰᠬᠢᠨ ᠤ ᠦᠷᠪᠢᠰᠦᠯ ᠤᠨ ᠦᠶ᠎ᠡ ᠳᠤ ᠠᠮᠢᠰᠬᠤᠵᠤ ᠭᠠᠷᠭᠠᠭᠰᠠᠨ ᠬᠡᠢ ᠨᠢ ᠢᠯᠵᠠᠷᠠᠭᠰᠠᠨ ᠦᠮᠡᠬᠡᠢ ᠦᠨᠦᠷ ᠲᠠᠢ᠃      3. ᠠᠰᠠᠭᠤᠵᠤ ᠰᠢᠨᠵᠢᠯᠡᠬᠦ      ᠡᠪᠡᠳᠴᠢᠲᠡᠢ ᠮᠠᠯ ᠤᠨ ᠠᠷᠠᠴᠢᠯᠠᠭ᠎ᠠ ᠲᠡᠵᠢᠭᠡᠯᠭᠡ ᠶᠢᠨ ᠪᠠᠶᠢᠳᠠᠯ᠂ ᠣᠷᠴᠢᠨ ᠲᠣᠭᠤᠷᠢᠨ ᠤ ᠪᠤᠵᠠᠷᠲᠤᠯ ᠤᠨ ᠪᠠᠶᠢᠳᠠᠯ᠂ ᠡᠪᠡᠳᠴᠢᠨ ᠡᠭᠦᠰᠦᠭᠰᠡᠨ ᠪᠠᠶᠢᠳᠠᠯ᠂ ᠥᠩᠭᠡᠷᠡᠯᠲᠡ ᠶᠢ ᠠᠰᠠᠭᠤᠵᠤ ᠣᠶᠢᠯᠭᠠᠨ᠎ᠠ᠃ ᠡᠪᠡᠳᠴᠢᠨ ᠡᠭᠦᠰᠦᠭᠰᠡᠨ ᠴᠠᠭ᠂ ᠭᠠᠵᠠᠷ ᠣᠷᠣᠨ᠂ ᠡᠪᠡᠳᠴᠢᠨ ᠬᠢᠵᠢᠭ ᠡᠭᠦᠰᠦᠭᠰᠡᠨ ᠮᠠᠯ ᠤᠨ ᠲᠤᠭ᠎ᠠ᠂ ᠡᠪᠡᠳᠴᠢᠨ ᠤ ᠢᠯᠡᠷᠡᠯ ᠵᠡᠷᠭᠡ ᠶᠢ ᠠᠰᠠᠭᠤᠵᠤ ᠣᠶᠢᠯᠭᠠᠨ᠎ᠠ᠃ ᠡᠪᠡᠳᠴᠢᠲᠡᠢ ᠮᠠᠯ ᠤᠨ ᠣᠷᠴᠢᠮ ᠤᠨ ᠬᠤᠭᠤᠴᠠᠭᠠᠨ ᠳᠤ ᠡᠪᠡᠳᠴᠢᠨ ᠡᠭᠦᠰᠦᠭᠰᠡᠨ ᠡᠰᠡᠬᠦ᠂ ᠡᠮ ᠬᠡᠷᠡᠭᠯᠡᠭᠰᠡᠨ ᠪᠠᠶᠢᠳᠠᠯ᠂ ᠲᠤᠬᠠᠢ ᠶᠢᠨ ᠭᠠᠵᠠᠷ ᠤᠨ ᠡᠪᠡᠳᠴᠢᠨ ᠡᠭᠦᠰᠦᠭᠰᠡᠨ ᠪᠠᠶᠢᠳᠠᠯ ᠵᠡᠷᠭᠡ ᠪᠦᠬᠦ ᠲᠠᠯ᠎ᠠ ᠶᠢᠨ ᠪᠠᠶᠢᠳᠠᠯ ᠢ ᠨᠠᠷᠢᠯᠢᠭ ᠠᠰᠠᠭᠤᠨ ᠲᠡᠮᠳᠡᠭᠯᠡᠵᠦ᠂ ᠥᠩᠭᠡᠷᠡᠭᠰᠡᠨ ᠤ ᠡᠪᠡᠳᠴᠢᠨ ᠤ ᠪᠠᠶᠢᠳᠠᠯ ᠪᠠ ᠣᠳᠣᠬᠢ ᠪᠠᠶᠢᠳᠠᠯ ᠳᠤ ᠬᠠᠷᠢᠴᠠᠭᠤᠯᠤᠯ ᠬᠢᠵᠦ᠂ ᠡᠪᠡᠳᠴᠢᠨ ᠤ ᠪᠠᠶᠢᠳᠠᠯ ᠳᠤ ᠶᠡᠷᠦᠩᠬᠡᠶᠢᠯᠡᠭᠰᠡᠨ ᠵᠠᠳᠠᠯᠤᠯᠲᠠ ᠬᠢᠨ᠎ᠡ᠃      4. ᠲᠡᠮᠲᠡᠷᠢᠵᠦ᠂ ᠲᠣᠭᠰᠢᠵᠤ ᠰᠢᠨᠵᠢᠯᠡᠬᠦ      ᠭᠤᠣᠯ ᠨᠢ ᠠᠷᠠᠰᠤᠨ ᠤ ᠬᠠᠯᠠᠭᠤᠨ ᠤ ᠬᠡᠮᠵᠢᠶ᠎ᠡ᠂ ᠴᠢᠭᠢᠭᠳᠦᠴᠡ᠂ ᠬᠠᠷᠢᠮᠠᠬᠠᠢ ᠴᠢᠨᠠᠷ᠂ ᠬᠠᠪᠤᠳᠠᠷ᠂ ᠯᠢᠮᠪᠠ ᠶᠢᠨ ᠵᠠᠩᠭᠢᠯᠠᠭ᠎ᠠ ᠶᠢᠨ ᠶᠡᠭᠡ ᠪᠠᠭ᠎ᠠ᠂ ᠬᠠᠲᠠᠭᠤᠴᠠ ᠵᠡᠷᠭᠡ ᠶᠢ ᠲᠡᠮᠲᠡᠷᠢᠵᠦ ᠦᠵᠡᠨ᠎ᠡ᠃ ᠲᠡᠮᠲᠡᠷᠢᠬᠦ ᠳᠤ ᠵᠥᠭᠡᠯᠡᠨ᠂ ᠬᠤᠷᠤᠭᠤᠨ ᠤ ᠣᠷᠣ ᠦᠯᠡᠳᠡᠵᠦ᠂ ᠬᠤᠷᠤᠭᠤᠨ ᠣᠷᠣ ᠨᠢ ᠠᠭᠠᠵᠢᠮ ᠢᠶᠠᠷ ᠠᠷᠢᠯᠬᠤ ᠨᠢ ᠤᠰᠤᠨ ᠬᠠᠪᠤᠩ ᠤᠨ ᠢᠯᠡᠷᠡᠯ ᠪᠣᠯᠣᠨ᠎ᠠ᠃ ᠬᠠᠪᠤᠳᠤᠭᠰᠠᠨ ᠣᠷᠣ ᠨᠢ ᠬᠠᠲᠠᠭᠤ᠂ ᠲᠡᠮᠲᠡᠷᠢᠬᠦ ᠦᠶᠡᠰ ᠠᠮᠢᠲᠠᠨ ᠤ ᠡᠪᠡᠳᠦᠯᠲᠡ ᠨᠢ ᠢᠯᠡᠷᠬᠡᠢ ᠪᠣᠯ ᠦᠷᠪᠢᠰᠦᠯ ᠤᠨ ᠢᠯᠡᠷᠡᠯ ᠪᠣᠯᠣᠨ᠎ᠠ᠃      ᠴᠡᠭᠡᠵᠢᠨ ᠬᠥᠨᠳᠡᠢ᠂ ᠬᠡᠪᠡᠯᠢ ᠶᠢᠨ ᠬᠥᠨᠳᠡᠢ ᠵᠡᠷᠭᠡ ᠬᠥᠨᠳᠡᠢ ᠶᠢ ᠪᠠᠶᠢᠴᠠᠭᠠᠬᠤ ᠳᠤ ᠲᠣᠭᠰᠢᠵᠤ ᠰᠢᠨᠵᠢᠯᠡᠬᠦ ᠶᠢ ᠬᠡᠷᠡᠭᠯᠡᠨ᠎ᠡ᠃ ᠭᠤᠣᠯᠳᠠᠭᠤ ᠠᠭᠤᠰᠬᠢ᠂ ᠬᠤᠳᠣᠭᠤᠳᠤ᠂ ᠭᠡᠳᠡᠰᠦ᠂ ᠡᠯᠢᠭᠡ᠂ ᠪᠥᠭᠡᠷ᠎ᠡ᠂ ᠵᠢᠷᠦᠬᠡ ᠮᠡᠲᠦ ᠶᠢ ᠲᠣᠭᠰᠢᠨ ᠪᠠᠶᠢᠴᠠᠭᠠᠨ᠎ᠠ᠃ ᠲᠣᠭᠰᠢᠬᠤ ᠳᠠᠭᠠᠨ ᠨᠠᠮ ᠰᠡᠯᠡᠭᠦᠦ ᠭᠠᠵᠠᠷ ᠢ ᠰᠣᠩᠭᠤᠵᠤ᠂ ᠭᠠᠷ ᠤᠨ ᠬᠤᠷᠤᠭᠤ ᠪᠤᠶᠤ ᠲᠣᠭᠰᠢᠭᠤᠷ ᠠᠯᠤᠬ᠎ᠠ ᠪᠠᠷ ᠠᠮᠢᠲᠠᠨ ᠤ ᠪᠡᠶ᠎ᠡ ᠶᠢᠨ ᠲᠣᠬᠢᠷᠠᠮᠵᠢᠲᠠᠢ ᠣᠷᠣᠨ ᠪᠠᠶᠢᠷᠢ ᠶᠢ ᠲᠣᠭᠰᠢᠵᠤ᠂ ᠳᠠᠭᠤ ᠶᠢᠨ ᠪᠠᠶᠢᠳᠠᠯ ︵ᠴᠡᠪᠡᠷ ᠳᠠᠭᠤ᠂ ᠬᠡᠩᠭᠡᠷᠭᠡᠨ ᠳᠠᠭᠤ︶ ᠢ ᠴᠢᠩᠨᠠᠨ ᠰᠢᠨᠵᠢᠯᠡᠨ᠎ᠡ᠃      5. ᠴᠢᠩᠨᠠᠵᠤ ᠰᠢᠨᠵᠢᠯᠡᠬᠦ      ᠵᠢᠷᠦᠬᠡᠨ ᠤ ᠠᠪᠢᠶ᠎ᠠ᠂ ᠳᠠᠭᠤ ᠶᠢ ᠴᠢᠩᠨᠠᠵᠤ ᠰᠣᠨᠣᠰᠤᠨ᠎ᠠ᠂ ᠠᠭᠤᠰᠬᠢᠨ ᠴᠥᠪᠥᠷᠢᠭᠦᠦ᠂ ᠬᠤᠳᠣᠭᠤᠳᠤ ᠭᠡᠳᠡᠰᠦᠨ ᠤ ᠬᠥᠷᠪᠡᠯᠵᠡᠬᠦ ᠰᠢᠨᠵᠢ ᠴᠢᠨᠠᠷ᠂ ᠳᠠᠪᠲᠠᠮᠵᠢ ᠵᠡᠷᠭᠡ ᠶᠢ ᠴᠢᠩᠨᠠᠨ᠎ᠠ᠃ ᠴᠢᠩᠨᠠᠬᠤ  ᠳᠠᠭᠠᠨ ᠨᠠᠮ ᠵᠢᠮ ᠣᠷᠴᠢᠨ ᠢ ᠰᠣᠩᠭᠤᠵᠤ᠂ ᠴᠢᠩᠨᠠᠭᠤᠷ ᠢ ᠠᠰᠢᠭᠯᠠᠨ᠂ ᠴᠢᠩᠨᠠᠬᠤ ᠪᠠᠶᠢᠷᠢ ᠪᠠᠷ ᠰᠣᠩᠭᠤᠵᠤ ᠴᠢᠩᠨᠠᠨ ᠰᠢᠨᠵᠢᠯᠡᠨ᠎ᠡ᠃      ᠦᠨᠳᠦᠰᠦᠨ ᠪᠠᠶᠢᠴᠠᠭᠠᠯᠲᠠ ᠨᠢ ᠮᠠᠯ ᠤᠨ ᠡᠪᠡᠳᠴᠢᠨ ᠢ ᠣᠨᠣᠰᠢᠯᠠᠬᠤ ᠳᠤ ᠵᠥᠪᠬᠡᠨ ᠰᠠᠭᠤᠷᠢ ᠪᠠᠶᠢᠴᠠᠭᠠᠯᠲᠠ ᠪᠣᠯᠵᠤ ᠲᠤᠰᠠᠯᠠᠬᠤ ᠦᠢᠯᠡᠳᠦᠯ ᠲᠠᠢ᠂ ᠡᠷᠬᠡᠪᠰᠢ ᠰᠢᠰᠲ᠋ᠧᠮ ᠲᠠᠢ ᠪᠠᠶᠢᠴᠠᠭᠠᠯᠲᠠ ᠶᠢᠨ ᠦᠷ᠎ᠡ ᠳ᠋ᠦᠩ ᠢ ᠦᠨᠳᠦᠰᠦᠯᠡᠵᠦ᠂ ᠮᠠᠯ ᠤᠨ ᠡᠮᠴᠢ ᠶᠢᠨ ᠲᠤᠷᠰᠢᠯᠭ᠎ᠠ ᠰᠤᠷᠭᠠᠮᠵᠢ ᠲᠠᠢ ᠪᠠᠨ ᠤᠶᠠᠯᠳᠤᠭᠤᠯᠵᠤ ᠡᠪᠡᠳᠴᠢᠨ ᠢ ᠵᠥᠪ ᠣᠨᠣᠪᠴᠢᠲᠠᠢ ᠣᠨᠣᠰᠢᠯᠠᠨ᠎ᠠ᠃ ᠵᠥᠪ ᠣᠨᠣᠪᠴᠢᠲᠠᠢ ᠣᠨᠣᠰᠢᠯᠠᠯᠲᠠ ᠬᠢᠬᠦ ᠨᠢ ᠵᠥᠪ ᠣᠨᠣᠪᠴᠢᠲᠠᠢ ᠡᠮᠴᠢᠯᠡᠭᠡᠨ ᠤ ᠰᠠᠭᠤᠷᠢ ᠮᠥᠨ᠂ ᠡᠶᠢᠮᠦ ᠠᠴᠠ ᠪᠠᠶᠢᠴᠠᠭᠠᠯᠲᠠ ᠶᠢ ᠨᠠᠷᠢᠨ ᠬᠢᠨᠠᠮᠠᠭᠠᠢ ᠬᠢᠬᠦ ᠬᠡᠷᠡᠭᠲᠡᠢ᠂ ᠣᠮᠲᠣᠭᠠᠶᠢᠯᠠᠵᠤ ᠬᠥᠩᠭᠡᠪᠴᠢᠯᠡᠵᠦ ᠪᠣᠯᠬᠤ ᠦᠭᠡᠢ᠃ ︽ᠥᠪᠥᠷ ᠮᠣᠩᠭᠤᠯ ᠤᠨ ᠮᠠᠯ ᠠᠵᠤ ᠠᠬᠤᠢ︾ ᠰᠡᠳᠬᠦᠯ ᠤᠨ 2019 ᠣᠨ ᠤ 3 ᠳ᠋ᠤᠭᠠᠷ ᠬᠤᠭᠤᠴᠠᠭ᠎ᠠᠪᠦᠦ ᠬᠤᠸᠠ   ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠤ ᠬᠦᠷᠢᠶᠡᠯᠡᠩ
ᠢᠷᠡᠯᠲᠡ᠄ ︽ᠥᠪᠥᠷ ᠮᠣᠩᠭᠤᠯ ᠤᠨ ᠮᠠᠯ ᠠᠵᠤ ᠠᠬᠤᠢ︾ ᠰᠡᠳᠬᠦᠯ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ