ᠬᠦᠬᠡᠬᠤᠳᠠ - ᠪᠡᠭᠡᠵᠢᠩ ᠴᠢᠭᠯᠡᠯ ᠤᠨ ᠨᠢᠰᠦᠯᠬᠡ ᠶᠢ ᠨᠢᠬᠳᠠᠷᠠᠭᠤᠯᠪᠠ
ᠨᠡᠶᠢᠲᠡᠯᠡᠭᠰᠡᠨ ᠴᠠᠭ᠄
2019-07-29
     ᠬᠦᠬᠡᠬᠤᠳᠠ ᠪᠡᠭᠡᠵᠢᠩ ᠬᠤᠶᠠᠷ ᠭᠠᠵᠠᠷ ᠤᠨ ᠠᠷᠠᠯᠵᠢᠶ᠎ᠠ ᠵᠢᠴᠢ ᠠᠶᠠᠯᠠᠯ ᠵᠢᠭᠤᠯᠴᠢᠯᠠᠯ ᠤᠨ ᠵᠤᠷᠴᠢᠭᠴᠢᠳ ᠤᠨ ᠱᠠᠭᠠᠷᠳᠠᠯᠭ᠎ᠠ ᠶᠢ ᠬᠠᠩᠭᠠᠬᠤ ᠶᠢᠨ ᠲᠦᠯᠦᠬᠡ᠂ 7 ᠰᠠᠷ᠎ᠠ ᠶᠢᠨ 21 ᠤ ᠡᠳᠤᠷ ᠠᠴᠠ ᠡᠬᠢᠯᠡᠨ ᠬᠦᠬᠡᠬᠤᠳᠠ ᠶᠢᠨ ᠴᠠᠭᠠᠨ ᠰᠤᠪᠤᠷᠭ᠎ᠠ ᠤᠯᠠᠨ ᠤᠯᠤᠰ ᠤᠨ ᠨᠢᠰᠬᠦ ᠣᠩᠭᠤᠴᠠᠨ ᠤ ᠪᠠᠭᠤᠳᠠᠯ ᠨᠢᠰᠦᠯᠬᠡ ᠨᠡᠮᠡᠵᠤ ᠪᠡᠭᠡᠵᠢᠩ ᠳᠤ ᠬᠦᠷᠬᠦ ᠨᠢᠰᠬᠦ ᠣᠩᠭᠤᠴᠠ ᠶᠢ ᠨᠢᠬᠳᠠᠷᠠᠭᠤᠯᠤᠭᠰᠠᠨ ᠪᠠᠶᠢᠨ᠎ᠠ᠃ ᠨᠢᠬᠳᠠᠷᠠᠭᠤᠯᠵᠤ ᠨᠡᠮᠡᠭᠰᠡᠨ ᠨᠢᠰᠦᠯᠬᠡ ᠶᠢ ᠲᠤᠮᠳᠠᠳᠤ ᠤᠯᠤᠰ ᠤᠨ ᠡᠮᠦᠨᠡᠳᠤ ᠤᠷᠤᠨ ᠤ ᠠᠭᠠᠷ ᠠᠶᠠᠯᠠᠯ ᠤᠨ ᠺᠤᠮᠫᠠᠨᠢ ᠬᠦᠢᠴᠡᠳᠬᠡᠵᠤ᠂ ᠨᠢᠰᠦᠯᠬᠡ ᠶᠢᠨ ᠳ᠋ᠤᠭᠠᠷ ᠨᠢ CZ5407/8᠂ ᠡᠳᠤᠷ ᠲᠤ ᠨᠢᠬᠡ ᠤᠳᠠᠭ᠎ᠠ ᠠᠶᠠᠯᠠᠵᠤ᠂ A320 ᠨᠢᠰᠬᠦ ᠣᠩᠭᠤᠴᠠ ᠨᠢᠰᠦᠯᠬᠡ ᠶᠢ ᠬᠦᠢᠴᠡᠳᠭᠡᠨ᠎ᠡ᠃      ᠬᠦᠬᠡᠬᠤᠳᠠ ᠠᠴᠠ ᠪᠡᠭᠡᠵᠢᠩ ᠬᠦᠷᠬᠦ ᠨᠢᠰᠦᠯᠬᠡ ᠶᠢᠨ ᠳ᠋ᠤᠭᠠᠷ ᠨᠢ CZ5408᠂ ᠬᠦᠬᠡᠬᠤᠳᠠ ᠠᠴᠠ 07᠄ 35 ᠴᠠᠭ ᠤᠨ ᠦᠶ᠎ᠡ ᠪᠠᠷ ᠨᠢᠰᠴᠦ᠂ ᠪᠡᠭᠡᠵᠢᠩ ᠳᠠᠬᠢ ᠨᠡᠶᠢᠰᠯᠡᠯ ᠤᠨ ᠤᠯᠠᠨ ᠤᠯᠤᠰ ᠤᠨ ᠨᠢᠰᠬᠦ ᠣᠩᠭᠤᠴᠠᠨ ᠤ ᠪᠠᠭᠤᠳᠠᠯ ᠳᠤ 08᠄ 55 ᠴᠠᠭ ᠤᠨ ᠦᠶ᠎ᠡ ᠪᠠᠷ ᠭᠠᠵᠠᠷᠳᠠᠨ᠎ᠠ᠃ ᠪᠤᠴᠠᠬᠤ ᠠᠶᠠᠯᠠᠯ ᠤᠨ ᠨᠢᠰᠦᠯᠬᠡ ᠶᠢᠨ ᠳ᠋ᠤᠭᠠᠷ ᠨᠢ CZ5407᠂ ᠪᠡᠭᠡᠵᠢᠩ ᠠᠴᠠ 22᠄ 00 ᠴᠠᠭ ᠤᠨ ᠦᠶ᠎ᠡ ᠪᠠᠷ ᠨᠢᠰᠴᠦ᠂ ᠬᠦᠬᠡᠬᠤᠳᠠ ᠳᠤ 23᠄ 25 ᠴᠠᠭ ᠤᠨ ᠦᠶ᠎ᠡ ᠳᠤ ᠭᠠᠵᠠᠷᠳᠠᠨ ᠎ᠠ᠃ ᠲᠤᠰ ᠤᠳᠠᠭ᠎ᠠ ᠬᠦᠬᠡᠬᠤᠳᠠ ᠪᠡᠭᠡᠵᠢᠩ ᠤᠨ ᠬᠤᠭᠤᠷᠤᠨᠳᠤᠬᠢ ᠨᠢᠰᠦᠯᠬᠡ ᠶᠢ ᠨᠢᠬᠳᠠᠷᠠᠭᠤᠯᠤᠭᠰᠠᠨ ᠤ ᠲᠠᠷᠠᠭ᠎ᠠ ᠬᠦᠬᠡᠬᠤᠳᠠ ᠠᠴᠠ ᠪᠡᠭᠡᠵᠢᠩ ᠳᠤ ᠬᠦᠷᠬᠦ ᠨᠢᠰᠦᠯᠬᠡ ᠡᠳᠤᠷ ᠪᠦᠷᠢ ᠲᠤᠮᠳᠠᠴᠢ ᠪᠠᠷ 9-10 ᠤᠳᠠᠭ᠎ᠠ ᠪᠤᠯᠪᠠ᠂ ᠡᠨᠡ ᠨᠢ ᠬᠦᠬᠡᠬᠤᠳᠠ ᠪᠡᠭᠡᠵᠢᠩ ᠤᠨ ᠠᠭᠠᠷ ᠠᠶᠠᠯᠠᠯ ᠤᠨ ᠱᠤᠭᠤᠮ ᠤᠨ ᠪᠦᠲᠦᠴᠡ ᠶᠢ ᠤᠯᠠᠮ ᠢᠶᠠᠷ ᠲᠡᠬᠦᠯᠳᠡᠵᠢᠬᠦᠯᠦᠭᠰᠡᠨ ᠤ ᠬᠠᠮᠳᠤ ᠪᠡᠭᠡᠵᠢᠩ ᠳᠤ ᠵᠢᠭᠤᠯᠴᠢᠯᠠᠬᠤ ᠬᠦᠮᠦᠰ ᠤᠨ ᠱᠠᠭᠠᠷᠳᠠᠯᠭ᠎ᠠ ᠶᠢ ᠬᠠᠩᠭᠠᠭᠰᠠᠨ ᠪᠠᠶᠢᠨ᠎ᠠ᠃  
 
ᠢᠷᠡᠯᠲᠡ᠄ ᠰᠢᠨᠬᠤᠧᠠ ᠮᠣᠩᠭᠤᠯ ᠨᠧᠲ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号