CRH380BJ-A-0504 ᠬᠤᠷᠳᠤᠴᠠ ᠶᠢ ᠶᠡᠷᠦᠩᠬᠡᠶᠢᠯᠡᠨ ᠰᠢᠯᠭᠠᠵᠦ ᠬᠡᠮᠵᠢᠬᠦ ᠭᠠᠯᠳᠤ ᠲᠡᠷᠬᠡ ᠨᠢ | ᠲᠦᠷᠦᠬᠦᠬᠡᠨ ᠬᠦᠬᠡᠬᠤᠳᠠ ᠶᠢᠨ ᠵᠡᠬᠦᠨ ᠭᠠᠯᠳᠤ ᠲᠡᠷᠭᠡᠨ ᠦᠷᠳᠡᠭᠡ ᠳᠤ ᠢᠷᠡᠵᠦ᠂ ᠬᠦᠬᠡᠬᠤᠳᠠ — ᠴᠢᠭᠤᠯᠤᠯᠳᠤ | ᠬᠠᠭᠠᠯᠭ᠎ᠠ ᠬᠦᠷᠬᠦ ᠲᠦᠷᠬᠡᠨ ᠤ ᠲᠡᠮᠦᠷ ᠵᠠᠮ ᠤᠨ ᠤᠯᠠᠭᠠᠨᠴᠠᠪ — ᠬᠤᠧᠠᠢ ᠠᠨ ᠬᠦᠷᠬᠦ ᠬᠡᠰᠡᠭ ᠲᠤ ᠬᠤᠯᠪᠤᠭᠠᠯᠠᠨ | ᠲᠤᠬᠢᠷᠠᠭᠤᠯᠵᠦ ᠲᠤᠷᠰᠢᠬᠤ ᠠᠵᠢᠯ ᠢ ᠶᠠᠪᠤᠬᠳᠠᠭᠤᠯᠬᠤ ᠪᠠᠷ ᠪᠡᠯᠡᠬᠡᠨ ᠪᠤᠯᠪᠠ᠃ ᠵᠢᠱᠢᠯᠳᠡ ᠪᠠᠷ᠂ ᠡᠨᠡ ᠵᠢᠯ ᠤᠨ | ᠰᠡᠬᠦᠯᠴᠢ ᠪᠠᠷ᠂ ᠬᠦᠬᠡᠬᠤᠳᠠ — ᠴᠢᠭᠤᠯᠤᠯᠳᠤ ᠬᠠᠭᠠᠯᠭ᠎ᠠ ᠬᠦᠷᠬᠦ ᠲᠦᠷᠬᠡᠨ ᠤ ᠲᠡᠮᠦᠷ ᠵᠠᠮ ᠪᠠ ᠤᠳᠤ ᠶᠠᠬ | ᠪᠦᠲᠦᠬᠡᠨ ᠪᠠᠶᠢᠭᠤᠯᠵᠦ ᠪᠠᠶᠢᠭ᠎ᠠ ᠪᠡᠭᠡᠵᠢᠩ — ᠴᠢᠭᠤᠯᠤᠯᠳᠤ ᠬᠠᠭᠠᠯᠭ᠎ᠠ ᠬᠦᠷᠬᠦ ᠲᠦᠷᠬᠡᠨ ᠤ ᠲᠡᠮᠦᠷ ᠵᠠᠮ ᠨᠢ | ᠵᠡᠷᠬᠡ ᠪᠠᠷ ᠭᠠᠯᠳᠤ ᠲᠡᠷᠬᠡ ᠨᠡᠪᠲᠡᠷᠡᠬᠦ ᠶᠢ ᠪᠡᠶᠡᠯᠡᠭᠦᠯᠵᠤ᠂ ᠭᠠᠯᠳᠤ ᠲᠡᠷᠬᠡ ᠪᠠᠷ ᠬᠥᠬᠡᠬᠤᠲᠠ ᠠᠴᠠ ᠪᠡᠭᠡᠵᠢᠩ | ᠬᠦᠷᠬᠦ ᠴᠠᠭ ᠢ 3 ᠴᠠᠭ ᠪᠣᠯᠭᠠᠵᠤ ᠪᠣᠭᠤᠨᠢᠰᠬᠠᠬᠤ ᠪᠣᠯᠣᠨ᠎ᠠ᠃ | ᠤᠢᠢᠯᠠᠭᠠᠬᠰᠠᠨ ᠢᠶᠠᠷ᠂ ᠬᠦᠬᠡᠬᠤᠳᠠ — ᠴᠢᠭᠤᠯᠤᠯᠳᠤ ᠬᠠᠭᠠᠯᠭ᠎ᠠ ᠬᠦᠷᠬᠦ ᠲᠦᠷᠬᠡᠨ ᠤ ᠲᠡᠮᠦᠷ ᠵᠠᠮ ᠤᠨ | ᠵᠡᠬᠦᠨ ᠲᠠᠯ᠎ᠠ ᠨᠢ ᠴᠢᠭᠤᠯᠤᠯᠳᠤ ᠬᠠᠭᠠᠯᠭ᠎ᠠ ᠭᠠᠯᠳᠤ ᠲᠡᠷᠬᠡᠨ ᠦᠷᠳᠡᠭᠡ ︵ᠤᠤᠯ ᠤᠨ ᠴᠢᠭᠤᠯᠤᠯᠳᠤ ᠬᠠᠭᠠᠯᠭ᠎ᠠ | ᠡᠮᠦᠨ᠎ᠡ ᠭᠠᠯᠳᠤ ᠲᠡᠷᠬᠡᠨ ᠦᠷᠳᠡᠭᠡ︶ ᠠᠴᠠ ᠡᠬᠢᠯᠡᠵᠦ᠂ ᠬᠤᠧᠠᠢ ᠠᠨ ᠭᠠᠯᠳᠤ ᠲᠡᠷᠬᠡᠨ ᠦᠷᠳᠡᠭᠡ᠂ ᠰᠢᠩ ᠾᠧ | ᠬᠤᠶᠢᠳᠤ ᠭᠠᠯᠳᠤ ᠲᠡᠷᠬᠡᠨ ᠦᠷᠳᠡᠭᠡ᠂ ᠤᠯᠠᠭᠠᠨᠴᠠᠪ ᠵᠡᠬᠦᠨ ᠭᠠᠯᠳᠤ ᠲᠡᠷᠬᠡᠨ ᠦᠷᠳᠡᠭᠡ ᠶᠢᠨ ᠵᠦᠧᠧᠽᠢ ᠵᠡᠬᠦᠨ | ᠭᠠᠯᠳᠤ ᠲᠡᠷᠬᠡᠨ ᠦᠷᠳᠡᠭᠡ᠂ ᠴᠢ ᠰᠢᠶᠠ ᠶᠢᠩ ᠡᠮᠦᠨ᠎ᠠ ᠭᠠᠯᠳᠤ ᠲᠡᠷᠬᠡᠨ ᠦᠷᠳᠡᠭᠡ ᠪᠠᠷ ᠦᠩᠬᠡᠷᠡᠵᠦ᠂ | ᠬᠦᠬᠡᠬᠤᠳᠠ ᠶᠢᠨ ᠵᠡᠬᠦᠨ ᠭᠠᠯᠳᠤ ᠲᠡᠷᠬᠡᠨ ᠦᠷᠳᠡᠭᠡ ᠳᠤ ᠬᠦᠷᠴᠤ᠂ ᠪᠦᠬᠦ ᠤᠷᠳᠤ ᠨᠢ 286.8 ᠺᠢᠯᠣᠮᠧᠲᠷ | ᠪᠠᠶᠢᠵᠦ᠂ ᠲᠦᠯᠦᠪᠯᠡᠵᠤ ᠪᠠᠶᠢᠭ᠎ᠠ ᠬᠤᠷᠳᠤᠴᠠ ᠨᠢ ᠴᠠᠬ ᠪᠦᠷᠢ 250 ᠺᠢᠯᠤᠮᠧᠲᠷ ᠪᠠᠶᠢᠵᠦ᠂ ᠪᠦᠬᠦ ᠪᠡᠯᠡ | ᠤᠷᠤᠭᠤᠯᠤᠯᠳᠠ ᠨᠢ 295.97 ᠳ᠋ᠦᠩᠰᠢᠭᠤᠷ ᠲᠦᠬᠦᠷᠢᠭ ᠲᠤ ᠬᠦᠷᠴᠤ᠂ ᠮᠠᠨ ᠤ ᠤᠯᠤᠰ ᠤᠨ ᠪᠠᠷᠠᠭᠤᠨ ᠬᠤᠶᠢᠳᠤ | ᠤᠷᠤᠨ᠂ ᠤᠮᠠᠷᠠᠳᠤ ᠤᠷᠤᠨ᠂ ᠵᠡᠬᠦᠨ ᠬᠤᠶᠢᠳᠤ ᠣᠷᠣᠨ ᠢ ᠬᠤᠯᠪᠤᠨ ᠨᠡᠪᠲᠡᠷᠡᠬᠦᠯᠬᠦ ᠴᠢᠬᠤᠯᠠ ᠵᠠᠮ ᠱᠤᠭᠤᠮ ᠪᠤᠯᠬᠤ | ᠪᠣᠯᠣᠨ᠎ᠠ᠃ ᠬᠦᠬᠡᠬᠤᠳᠠ — ᠴᠢᠭᠤᠯᠤᠯᠳᠤ ᠬᠠᠭᠠᠯᠭ᠎ᠠ ᠬᠦᠷᠬᠦ ᠲᠦᠷᠬᠡᠨ ᠤ ᠲᠡᠮᠦᠷ ᠵᠠᠮ ᠤᠨ ᠬᠦᠬᠡᠬᠤᠳᠠ ᠶᠢᠨ | ᠵᠡᠬᠦᠨ ᠭᠠᠯᠳᠤ ᠲᠡᠷᠬᠡᠨ ᠦᠷᠳᠡᠭᠡ ᠠᠴᠠ ᠤᠯᠠᠭᠠᠨᠴᠠᠪ ᠬᠦᠷᠬᠦ ᠬᠡᠰᠡᠭ ᠨᠢ 2017ᠤᠨ ᠤ 8 ᠰᠠᠷ᠎ᠠ ᠶᠢᠨ 3 ᠤ | ᠡᠳᠦᠷ ᠨᠢᠬᠡᠨᠳᠡ ᠨᠡᠪᠲᠡᠷᠡᠵᠦ ᠠᠰᠢᠬᠯᠠᠯᠳᠠ ᠣᠷᠣᠭᠰᠠᠨ ᠪᠠᠶᠢᠨ᠎ᠠ᠃ |