ᠵᠣᠯ ᠵᠢᠷᠭᠠᠯ ᠤᠨ ᠮᠦᠰᠢᠶᠡᠯ ᠨᠠᠷᠠᠨ ᠢᠶᠠᠷ ᠪᠢᠯᠬᠠᠷᠠᠨᠠᠮ
ᠨᠡᠶᠢᠲᠡᠯᠡᠭᠰᠡᠨ ᠴᠠᠭ᠄
2019-06-04
      ᠥᠭᠡᠷ᠎ᠡ ᠪᠠᠷ ᠣᠨᠴᠠᠯᠠᠭᠳᠠᠭᠰᠠᠨ ᠣᠯᠠᠨ ᠤᠯᠤᠰ ᠤᠨ ᠪᠠᠭᠠᠴᠤᠳ ᠬᠡᠦᠬᠡᠳ ᠤᠨ ᠪᠠᠶᠠᠷ ᠤᠨ ᠡᠳᠦᠷ ᠢ ᠲᠡᠮᠳᠡᠭᠯᠡᠬᠦ ᠶᠢᠨ ᠲᠥᠯᠥᠭᠡ᠂ 6 ᠳ᠋ᠤᠭᠠᠷ ᠰᠠᠷ᠎ᠠ ᠶᠢᠨ 1 ᠤ ᠡᠳᠦᠷ᠂ ᠬᠥᠬᠡᠬᠤᠲᠠ ᠶᠢᠨ ᠣᠷᠣᠢ ᠶᠢᠨ ᠰᠣᠨᠢᠨ ᠤ ᡁᠢ ᠸᠧᠢ ᠠᠵᠢᠯ ᠤᠨ ᠥᠷᠥᠭᠡ ᠠᠴᠠ ᠴᠧᠨ ᠰᠢᠦᠢ ᠤᠷᠠᠯᠢᠭ ᠤᠨ ᠰᠤᠷᠭᠠᠭᠤᠯᠢ ᠶᠢᠨ ᠨᠠᠮ ᠤᠨ ᠡᠭᠦᠷ ᠲᠠᠢ ᠬᠤᠷᠰᠢᠨ  ﹇ᠤᠨᠠᠭᠠᠨ ᠪᠠᠭ᠎ᠠ ᠠᠴᠠ ᠨᠠᠮ ᠢᠶᠠᠨ ᠳᠠᠭᠠᠬᠤ᠂ ᠪᠠᠶᠠᠷ ᠬᠦᠷ ᠲᠠᠢ ᠦᠰᠦᠨ ᠪᠣᠶᠢᠵᠢᠬᠤ᠂ 6.1 ᠢᠶᠠᠨ ᠬᠠᠮᠲᠤ ᠪᠠᠷ ᠪᠡᠯᠡᠭᠯᠡᠬᠦ᠂ ᠴᠢ ᠪᠢᠳᠠ ᠬᠠᠮᠲᠤ ᠳᠠᠭᠠᠨ﹈ ᠭᠡᠬᠦ ᠭᠤᠣᠯ ᠰᠡᠳᠦᠪᠲᠦ ᠪᠤᠶᠠᠨᠴᠢ ᠠᠵᠢᠯᠯᠠᠭ᠎ᠠ ᠥᠷᠨᠢᠭᠦᠯᠵᠦ᠂ ᠮᠠᠨ ᠤ ᠬᠤᠲᠠ ᠶᠢᠨ 20 ᠬᠠᠯᠠᠭᠤᠨ ᠰᠡᠳᠬᠢᠯᠲᠦ ᠭᠡᠷ ᠪᠦᠯᠢ ᠬᠤᠷᠢᠨᠭᠡᠷ ᠰᠢᠶᠠᠨ ᠤ ᠳ᠋ᠠ ᠬᠤᠩ ᠴᠧᠩ ᠰᠢᠶᠠᠩ ᠤᠨ ᠭᠤᠣᠯ ᠪᠠᠭ᠎ᠠ ᠰᠤᠷᠭᠠᠭᠤᠯᠢ ᠳᠤ ᠬᠦᠷᠦᠯᠴᠡᠨ ᠢᠷᠡᠵᠦ᠂ ᠬᠠᠯᠠᠭᠤᠨ ᠰᠡᠳᠬᠢᠯᠲᠦ ᠭᠡᠷ ᠪᠦᠯᠢ ᠶᠢᠨ  ᠬᠡᠦᠬᠡᠳ ᠤᠳ ᠰᠣᠶᠣᠯ ᠤᠨ ᠲᠣᠬᠤᠨᠢᠭᠤᠯᠬᠤ ᠳᠤᠭᠤᠶᠢᠯᠠᠩ ᠪᠠᠶᠢᠭᠤᠯᠤᠨ ᠰᠤᠷᠭᠠᠭᠤᠯᠢ ᠶᠢᠨ ᠪᠠᠭᠰᠢ ᠰᠤᠷᠤᠭᠴᠢᠳ ᠲᠤ ᠲᠣᠭᠯᠠᠯᠲᠠ ᠭᠠᠷᠭᠠᠨ ᠰᠣᠶᠣᠯ ᠤᠨ ᠬᠦᠷᠲᠡᠭᠡᠯ ᠣᠯᠭᠤᠵᠣ᠂ ᠪᠠᠰᠠ ᠪᠡᠯᠡᠭ ᠬᠦᠷᠭᠡᠭᠰᠡᠨ ᠪᠠᠶᠢᠨ᠎ᠠ᠃
 
ᠢᠷᠡᠯᠲᠡ᠄ ᠬᠥᠬᠡᠬᠤᠲᠠ ᠶᠢᠨ ᠣᠷᠣᠢ ᠶᠢᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号