ᠬᠥᠬᠦᠭᠦᠯ ᠤᠨ ᠬᠤᠭᠤᠴᠠᠭᠠᠨ ᠳᠤ ᠰᠢᠮ᠎ᠡ ᠲᠡᠵᠢᠭᠡᠯ ᠭᠦᠢᠴᠡᠳ ᠪᠤᠰᠤ ᠪᠣᠯ ᠬᠤᠨᠢᠨ ᠤ ᠪᠡᠶ᠎ᠡ ᠶᠢᠨ ᠬᠦᠨᠳᠦ ᠪᠣᠯᠣᠨ ᠪᠡᠶ᠎ᠡ ᠶᠢᠨ ᠥᠨᠳᠦᠷ ᠢ | ᠨᠥᠯᠥᠭᠡᠯᠡᠵᠦ᠂ ᠪᠤᠯᠴᠢᠩ ᠮᠢᠬ᠎ᠠ ᠨᠢ ᠰᠤᠯᠠᠪᠲᠤᠷ ᠪᠣᠯᠣᠨ᠎ᠠ᠃ ᠰᠦᠨ ᠠᠴᠠ ᠰᠠᠯᠭᠠᠭᠰᠠᠨ ᠤ ᠰᠡᠭᠦᠯᠡᠷ ᠰᠢᠮ᠎ᠡ ᠲᠡᠵᠢᠭᠡᠯ ᠳᠤᠲᠠᠭᠳᠠᠪᠠᠯ ᠴᠡᠭᠡᠵᠢ ᠨᠢ ᠢᠪᠴᠤᠤ | ᠪᠥᠭᠡᠳ ᠭᠦᠢᠬᠡᠨ ᠪᠣᠯᠳᠠᠭ᠃ ᠬᠥᠬᠦᠭᠦᠯ ᠤᠨ ᠬᠤᠭᠤᠴᠠᠭᠠᠨ ᠤ 2 - 4 ᠰᠠᠷ᠎ᠠ ᠳᠤ ᠡᠳᠦᠷ ᠪᠦᠷᠢ 105-110g ᠤᠭᠤᠷᠠᠭ ᠱᠠᠭᠠᠷᠳᠠᠵᠤ᠂ 5-6 ᠰᠠᠷ᠎ᠠ | ᠳᠣᠲᠣᠷ᠎ᠠ ᠡᠳᠦᠷ ᠪᠦᠷᠢ 135-160g ᠤᠭᠤᠷᠠᠭ ᠬᠡᠷᠡᠭᠰᠡᠳᠡᠭ᠃ | ᠪᠣᠶᠢᠵᠢᠯᠲᠠ ᠶᠢᠨ ᠬᠤᠭᠤᠴᠠᠭᠠᠨ ᠳᠤ ᠶᠠᠰᠤ ᠤᠷᠭᠤᠵᠤ ᠪᠠᠶᠢᠬᠤ ᠤᠴᠢᠷ ᠠᠴᠠ ᠺᠠᠯᠼ᠂ ᠹᠣᠰᠹᠣᠷ ᠢ ᠭᠦᠢᠴᠡᠳ ᠬᠠᠩᠭᠠᠬᠤ ᠬᠡᠷᠡᠭᠲᠡᠢ᠃ ᠬᠥᠬᠦᠭᠦᠯ ᠤᠨ | ᠬᠤᠭᠤᠴᠠᠭᠠᠨ ᠳᠤ ᠡᠳᠦᠷ ᠪᠦᠷᠢ 4.2 - 4.5g ᠺᠠᠯᠼ᠂ 3.2g ᠹᠣᠰᠹᠣᠷ ᠬᠡᠷᠡᠭᠰᠡᠨ᠎ᠡ᠃ ᠬᠥᠬᠦᠭᠦᠯ ᠠᠴᠠ ᠵᠣᠭᠰᠣᠭᠰᠠᠨ ᠤ ᠰᠡᠭᠦᠯᠡᠷ ᠡᠳᠦᠷ ᠪᠦᠷᠢ 5. | 0-6.5g ᠺᠠᠯᠼ᠂ 3.2-3.6gᠹᠣᠰᠹᠣᠷ ᠬᠡᠷᠡᠭᠰᠡᠨ᠎ᠡ᠃ ᠪᠣᠶᠢᠵᠢᠯᠲᠠ ᠶᠢᠨ ᠱᠠᠲᠤᠨ ᠳᠤ ᠸᠢᠲ᠋ᠠᠮᠢᠨ A᠂ ᠸᠢᠲ᠋ᠠᠮᠢᠨ D ᠪᠠᠰᠠ ᠳᠤᠲᠠᠭᠳᠠᠵᠤ ᠪᠣᠯᠬᠤ ᠦᠭᠡᠢ᠂ | ᠸᠢᠲ᠋ᠠᠮᠢᠨ A ᠳᠤᠲᠠᠭᠳᠠᠪᠠᠯ ᠮᠡᠳᠡᠷᠡᠯ ᠤᠨ ᠰᠢᠰᠲ᠋ᠧᠮ ᠤᠨ ᠠᠵᠢᠯᠯᠠᠭ᠎ᠠ ᠨᠢ ᠳᠣᠷᠣᠶᠢᠲᠠᠬᠤ᠂ ᠠᠷᠠᠰᠤ ᠨᠢ ᠡᠪᠡᠷᠰᠢᠵᠦ ᠬᠠᠲᠠᠭᠤᠷᠠᠬᠤ᠂ ᠪᠡᠯᠭᠡ ᠶᠢᠨ ᠴᠢᠳᠠᠪᠤᠷᠢ | ᠨᠢ ᠮᠠᠭᠤᠳᠠᠬᠤ ᠦᠵᠡᠭᠳᠡᠯ ᠲᠠᠢ᠃ ᠸᠢᠲ᠋ᠠᠮᠢᠨ D ᠨᠢ ᠬᠤᠨᠢᠨ ᠤ ᠥᠰᠥᠯᠲᠡ ᠶᠢ ᠠᠬᠢᠭᠤᠯᠵᠤ᠂ ᠶᠠᠰᠤ ᠵᠥᠭᠡᠯᠡᠷᠡᠬᠦ ᠡᠪᠡᠳᠴᠢᠨ ᠠᠴᠠ ᠰᠡᠷᠭᠡᠶᠢᠯᠡᠨ᠎ᠡ᠃ | | | | | ᠨᠠᠢᠮᠠᠨ ᠬᠤᠰᠢᠭᠤᠨ ᠤ ᡁᠢ ᠠᠨ ᠪᠠᠯᠭᠠᠰᠤᠨ ᠤ ᠲᠠᠷᠢᠶᠠᠯᠠᠩ ᠤᠨ ᠦᠢᠯᠡᠴᠢᠯᠡᠭᠡᠨ ᠤ ᠲᠥᠪ ᠤᠨ ᠡᠤ ᠢᠦᠢ ᠷᠦᠩ ᠤᠨ ︽ᠬᠤᠨᠢᠨ ᠤ ᠲᠡᠵᠢᠭᠡᠯᠭᠡ ᠶᠢᠨ ᠡᠯ᠎ᠡ | ᠹᠢᠽᠢᠣᠯᠣᠭᠢ ᠶᠢᠨ ᠬᠤᠭᠤᠴᠠᠭᠠᠨ ᠳᠤ ᠱᠠᠭᠠᠷᠳᠠᠭᠳᠠᠬᠤ ᠰᠢᠮ᠎ᠡ ᠲᠡᠵᠢᠭᠡᠯ ᠤᠨ ᠲᠤᠬᠠᠢ︾ ᠠᠴᠠ | | |