6 ᠳ᠋ᠤᠭᠠᠷ ᠰᠠᠷ᠎ᠠ ᠶᠢᠨ 18 ᠤ ᠡᠳᠦᠷ ᠤᠨ ᠣᠷᠣᠢ᠂ ᠦᠨᠳᠦᠰᠦᠲᠡᠨ ᠤ ᠪᠦᠵᠢᠭᠳᠦ ᠵᠦᠴᠦᠭᠡ ︽ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ ᠳᠡᠭᠦᠦ︾ ᠶᠢᠨ | ᠪᠦᠬᠦ ᠲᠣᠭᠯᠠᠭᠴᠢᠳ ᠠᠷᠪᠠᠨ ᠵᠢᠷᠭᠤᠳᠤᠭᠠᠷ ᠬᠤᠭᠤᠴᠠᠭᠠᠨ ᠤ ᠳᠤᠮᠳᠠᠳᠦ ᠤᠯᠤᠰ ᠤᠨ ᠰᠣᠶᠣᠯ ᠤᠷᠠᠯᠢᠭ ᠤᠨ ᠵᠠᠰᠠᠭ ᠤᠨ ᠣᠷᠳᠣᠨ ᠤ ᠱᠠᠩᠨᠠᠯ ᠪᠤᠯᠬᠤ ︽ᠸᠧᠨ ᠬᠤᠸᠠ ᠲᠤᠮᠤ | ᠱᠠᠩᠨᠠᠯ︾ ᠬᠦᠷᠳᠡᠭᠰᠡᠨ ᠰᠠᠶᠢᠬᠠᠨ ᠰᠤᠷᠠᠭ ᠢᠶᠠᠨ ᠡᠪᠦᠷᠯᠡᠨ ᠬᠦᠬᠡᠬᠤᠳᠠ ᠳᠠᠭᠠᠨ ᠪᠤᠴᠠᠵᠤ᠂ ᠤᠯᠠᠭᠠᠨ ᠲᠢᠶᠠᠲᠷ ᠶᠡᠭᠡ ᠵᠦᠴᠦᠭᠡ ᠶᠢᠨ ᠬᠦᠷᠢᠶᠡᠯᠡᠩ ᠳᠤ | ᠨᠤᠳᠤᠭ ᠤᠨ ᠠᠷᠠᠳ ᠲᠦᠮᠡᠨ ᠳᠡᠭᠡᠨ ᠠᠰᠢᠭ ᠬᠦᠷᠲᠡᠭᠡᠬᠦ ᠳᠤᠭᠯᠠᠯᠳᠠ ᠭᠠᠷᠭᠠᠪᠠ᠃ | ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠱᠦᠵᠢ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠯᠢ ᠵᠢᠢ | ᠾᠧᠩ᠂ ᠥᠪᠡᠷᠲᠡᠭᠡᠨ ᠵᠠᠰᠠᠬᠤ ᠣᠷᠣᠨ ᠤ ᠤᠳᠤᠷᠢᠳᠤᠯᠭ᠎ᠠ ᠯᠢᠨ ᠱᠤᠤ ᠴᠦᠨ᠂ ᠸᠠᠩ ᠯᠢ ᠰᠢᠶᠠ᠂ ᠪᠠᠢ ᠢᠦᠢ ᠭᠠᠩ᠂ ᠵᠠᠩ ᠱᠤᠤ ᠴᠦᠨ᠂ ᠦ᠋ ᠲᠤᠸᠠᠨ ᠶᠢᠩ᠂ ᠵᠧᠩ ᠬᠤᠩ | ᠹᠠᠨ᠂ ᠴᠡᠴᠡᠭ᠂ ᠯᠢ ᠴᠢ ᠯᠢᠨ ᠨᠠᠷ ᠬᠦᠬᠡᠬᠤᠳᠠ ᠶᠢᠨ ᠦᠨᠳᠦᠰᠦᠲᠡᠨ ᠨᠦᠭᠦᠳ ᠤᠨ ᠡᠯ᠎ᠡ ᠡᠲᠡᠭᠡᠳ ᠤᠨ ᠤᠯᠠᠨ ᠲᠦᠮᠡᠨ ᠲᠠᠢ ᠬᠠᠮᠲᠤ ᠵᠦᠴᠦᠭᠡ ᠶᠢ ᠰᠤᠨᠢᠷᠬᠠᠪᠠ᠃ | ᠪᠦᠵᠢᠭᠳᠦ ᠵᠦᠴᠦᠭᠡ ᠨᠢ ᠤᠳᠤᠦᠶ᠎ᠡ ᠶᠢᠨ ᠪᠠᠭ᠎ᠠ ᠰᠤᠷᠭᠠᠭᠤᠯᠢ ᠶᠢᠨ ᠰᠤᠷᠤᠭᠴᠢᠳ ᠠᠩᠬᠢ ᠶᠢᠨ ᠬᠡᠷ ᠲᠡᠭᠡᠨ ︽ᠲᠠᠯ᠎ᠠ ᠨᠤᠲᠤᠭ ᠤᠨ ᠪᠢᠴᠢᠬᠠᠨ ᠪᠠᠭᠠᠳᠤᠷ ᠡᠭᠡᠴᠢ | ᠦᠬᠢᠨ ᠳᠡᠭᠦᠦ︾ ᠬᠡᠬᠦ ᠬᠢᠴᠢᠶᠡᠯ ᠤᠩᠰᠢᠵᠤ ᠪᠠᠶᠢᠭ᠎ᠠ ᠦᠵᠡᠭᠳᠡᠯ ᠢᠶᠠᠷ ᠬᠦᠰᠢᠭᠡ ᠪᠠᠨ ᠢᠷᠠᠵᠤ᠂ ᠬᠦᠡᠭᠭᠡᠨ ᠴᠤᠪᠤᠭᠤᠯᠢᠭ ᠠᠶ᠎ᠠ ᠳᠠᠭᠤᠤ ᠪᠠᠷ ᠳᠡᠪᠢᠰᠭᠡᠷᠯᠡᠨ᠂ 11 ᠨᠠᠰᠤᠳᠠᠢ | ᠯᠦᠩ ᠮᠸᠢ ᠪᠤᠯᠤᠨ 9 ᠨᠠᠰᠤᠳᠠᠢ ᠢᠦᠢ ᠷᠦᠩ ᠤᠨ ᠬᠤᠨᠢᠨ ᠰᠦᠷᠦᠭ ᠲᠠᠢ ᠪᠠᠨ ᠢᠵᠢᠯᠢᠰᠢᠨ ᠳᠠᠰᠤᠯᠴᠠᠵᠤ ᠡᠷᠭᠡᠯᠡᠨ ᠳᠤᠭᠯᠠᠵᠤ ᠪᠠᠶᠢᠭᠰᠠᠨ ᠦᠵᠡᠭᠳᠡᠯ ᠨᠢ ᠦᠵᠡᠭᠴᠢ ᠣᠯᠠᠨ ᠤ | 55ᠵᠢᠯ ᠤᠨ ᠡᠮᠦᠨᠡᠬᠢ ᠦᠪᠦᠷ ᠮᠣᠩᠭᠤᠯ ᠤᠨ ᠲᠠᠯ᠎ᠠ ᠨᠤᠳᠤᠭ ᠲᠤ ᠬᠦᠳᠦᠯᠦᠨ ᠤᠷᠤᠭᠤᠯᠪᠠ᠃ ᠨᠢᠭᠡᠳᠦᠭᠡᠷ ᠬᠢᠴᠢᠶᠠᠯ᠂ ᠬᠤᠶᠠᠳᠤᠭᠠᠷ ᠬᠢᠴᠢᠶᠠᠯ ᠬᠡᠬᠦ | ᠲᠡᠰ ᠳᠠᠷᠠᠭᠠᠯᠠᠯ᠂ ᠤᠳᠤ ᠦᠶ᠎ᠡ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠠᠷᠭ᠎ᠠ ᠪᠠᠷᠢᠯ ᠬᠢᠬᠡᠳ ᠴᠤ᠋ ᠰᠢᠨ᠎ᠡ ᠢᠯᠡᠳᠭᠡᠬᠦ ᠬᠡᠯᠪᠡᠷᠢ ᠪᠠᠷ ᠯᠦᠩ ᠮᠸᠢ ᠢᠦᠢ ᠷᠦᠩ ᠤᠨ ᠴᠠᠰᠤ | ᠰᠢᠭᠤᠷᠭᠠᠨ ᠲᠠᠢ 24 ᠴᠠᠭ ᠡᠷᠡᠯᠭᠡᠭᠯᠡᠨ ᠳᠡᠮᠡᠴᠡᠭᠰᠡᠨ ᠶᠠᠪᠤᠴᠠ ᠶᠢ ᠪᠦᠵᠢᠭ ᠤᠨ ᠳᠠᠶᠢᠰᠠᠨ᠎ᠠ ᠠᠮᠢᠯᠠᠭᠤᠯᠵᠤ᠂ ᠬᠦᠮᠦᠰ ᠤᠨ ᠰᠠᠶᠢᠨ ᠮᠡᠳᠡᠳᠡᠭ ᠲᠠᠯ᠎ᠠ ᠨᠤᠲᠤᠭ ᠤᠨ ᠪᠢᠴᠢᠬᠠᠨ | ᠪᠠᠭᠠᠳᠤᠷ ᠡᠭᠡᠴᠢ ᠦᠬᠢᠨ ᠳᠡᠭᠦᠦ ᠶᠢᠨ ᠪᠠᠭᠠᠳᠤᠷᠯᠢᠭ ᠦᠢᠯᠡ ᠠᠵᠢᠯᠯᠠᠭ᠎ᠠ ᠬᠢᠬᠡᠳ ᠵᠤᠷᠢᠭ ᠰᠠᠨᠠᠭ᠎ᠠ ᠶᠢ ᠭᠤᠶᠢᠳᠠ ᠰᠠᠶᠢᠬᠠᠨ ᠪᠦᠵᠢᠭ ᠤᠨ ᠬᠡᠯᠪᠡᠷᠢ ᠪᠠᠷ ᠢᠯᠡᠷᠡᠭᠦᠯᠦᠭᠰᠡᠨ ᠪᠠᠶᠢᠨ᠎ᠠ ᠃ | ᠲᠤᠰ ᠪᠦᠵᠢᠭᠳᠦ ᠵᠦᠴᠦᠭᠡ ᠨᠢ ᠪᠦᠵᠢᠭ ᠤᠨ ᠬᠡᠯᠡᠯᠭᠡ᠂ ᠠᠭᠤᠯᠭ᠎ᠠ ᠶᠢᠨ ᠪᠦᠳᠦᠴᠡ᠂ ᠠᠶ᠎ᠠ ᠬᠦᠭᠵᠢᠮ᠂ ᠳᠠᠶᠢᠰᠠᠨ ᠤ ᠦᠵᠡᠭᠳᠡᠯ᠂ ᠬᠤᠪᠴᠠᠰᠤ ᠵᠠᠰᠠᠯ᠂ ᠦᠩᠬᠡ ᠪᠤᠳᠤᠭ᠂ | ᠭᠡᠷᠡᠯ ᠵᠡᠷᠭᠡ ᠤᠯᠠᠨ ᠲᠠᠯ᠎ᠠ ᠳᠤ ᠰᠢᠨ᠎ᠡ ᠡᠭᠦᠳᠦᠯᠲᠡ ᠶᠢᠨ ᠬᠠᠶᠢᠨ ᠰᠦᠪᠡᠭᠴᠢᠯᠡᠯᠳᠡ ᠬᠢᠵᠤ᠂ ᠮᠠᠰᠢ ᠴᠢᠩᠭ᠎ᠠ ᠦᠵᠡᠯ ᠰᠠᠨᠠᠭᠠᠴᠢ ᠴᠢᠨᠠᠷ᠂ ᠤᠷᠠᠯᠢᠭᠴᠢ ᠴᠢᠨᠠᠷ᠂ ᠰᠤᠨᠢᠷᠬᠠᠯᠳᠤ | ᠰᠢᠨᠵᠢ᠂ ᠴᠠᠭ ᠦᠶᠡᠴᠢ ᠰᠢᠨᠵᠢ ᠲᠠᠢ ᠪᠣᠯᠵᠤ ᠴᠢᠳᠠᠭᠰᠠᠨ ᠪᠠᠶᠢᠵᠤ᠂ ᠦᠵᠡᠭᠴᠢ ᠣᠯᠠᠨ ᠳᠤ ᠭᠤᠸ᠎ᠠ ᠰᠠᠶᠢᠬᠠᠨ ᠤ ᠳᠠᠭᠠᠰᠢᠶᠠᠯ ᠬᠢᠬᠡᠳ ᠤᠶᠤᠨ ᠰᠠᠨᠠᠭᠠᠨ ᠤ ᠬᠦᠷᠲᠡᠭᠡᠮᠵᠢ | ᠣᠯᠭᠤᠭᠰᠠᠨ ᠪᠠᠶᠢᠨ᠎ᠠ᠃ |