ᠬᠦᠬᠡᠬᠤᠲᠠ ᠶᠢᠨ 2019 ᠣᠨ ᠤ ᠦᠨᠳᠦᠷ ᠳᠤᠮᠳᠠᠳᠤ ᠶᠢᠨ ᠡᠯᠰᠡᠯᠲᠡ ᠶᠢᠨ ᠰᠢᠯᠭᠠᠯᠲᠠ 6 ᠰᠠᠷ᠎ᠠ ᠶᠢᠨ 15 ᠠᠴᠠ 17 ᠤ ᠡᠳᠦᠷ ᠬᠦᠷᠲᠡᠯ᠎ᠡ ᠦᠷᠭᠦᠯᠵᠢᠯᠡᠨ᠎ᠡ
ᠨᠡᠶᠢᠲᠡᠯᠡᠭᠰᠡᠨ ᠴᠠᠭ᠄
2019/6/13
    ᠰᠤᠷᠪᠤᠯᠵᠢᠯᠠᠬᠴᠢ ᠬᠦᠬᠡᠬᠤᠲᠠ ᠶᠢᠨ ᠰᠤᠷᠤᠬᠴᠢ ᠡᠯᠰᠡᠬᠦ ᠰᠢᠯᠭᠠᠯᠲᠠ ᠶᠢᠨ ᠲᠦᠪ ᠠᠴᠠ ᠤᠶᠢᠯᠠᠭᠠᠬᠰᠠᠨ ᠢᠶᠠᠷ᠂ ᠬᠦᠬᠡᠬᠤᠲᠠ ᠶᠢᠨ ᠡᠨᠡ ᠵᠢᠯ ᠤᠨ ᠦᠨᠳᠦᠷ ᠳᠤᠮᠳᠠᠳᠤ ᠶᠢᠨ ᠡᠯᠰᠡᠯᠲᠡ ᠶᠢᠨ ᠰᠢᠯᠭᠠᠯᠲᠠ 6 ᠰᠠᠷ᠎ᠠ ᠶᠢᠨ 15 ᠠᠴᠠ 17 ᠤ ᠡᠳᠦᠷ ᠬᠦᠷᠲᠡᠯ᠎ᠡ 3 ᠡᠳᠦᠷ ᠦᠷᠭᠦᠯᠵᠢᠯᠡᠨ᠎ᠡ᠃ ᠨᠡᠶᠢᠲᠡ 22992 ᠬᠦᠮᠦᠨ ᠰᠢᠯᠭᠠᠯᠲᠠ ᠳᠤ ᠨᠡᠷ᠎ᠡ ᠪᠦᠷᠢᠳᠬᠡᠭᠦᠯᠵᠦ᠂ 29 ᠰᠢᠯᠭᠠᠯᠲᠠ ᠶᠢᠨ ᠴᠢᠬ ᠲᠤᠬᠢᠷᠠᠭᠤᠯᠵᠠᠢ᠃      ᠰᠢᠯᠭᠠᠯᠲᠠ ᠶᠢᠨ ᠴᠠᠬ ᠬᠢᠬᠡᠳ ᠰᠢᠯᠭᠠᠬᠤ ᠲᠦᠷᠦᠯ ᠢ ᠵᠢᠬᠰᠠᠭᠠᠪᠠᠯ᠄     6 ᠰᠠᠷ᠎ᠠ ᠶᠢᠨ 15 ᠤ ᠡᠳᠦᠷ ᠤᠨ 8᠄ 30 - 11᠄ 30 ᠴᠠᠬ ᠲᠤ ᠬᠢᠲᠡᠳ ᠬᠡᠯᠡ᠂ ᠮᠤᠩᠭᠤᠯ ᠬᠡᠯᠡ ︵ᠬᠦᠬᠡ︶ ᠰᠢᠯᠭᠠᠨ᠎ᠠ︔ 15᠄ 00 - 17᠄ 00 ᠴᠠᠬ ᠲᠤ ᠠᠩᠭ᠍ᠯᠢ ᠬᠡᠯᠡ ᠰᠢᠯᠭᠠᠨ᠎ᠠ᠃      6 ᠰᠠᠷ᠎ᠠ ᠶᠢᠨ 16 ᠤ ᠡᠳᠦᠷ ᠤᠨ 8᠄ 30 - 10᠄ 30 ᠴᠠᠬ ᠲᠤ ᠲᠤᠭ᠎ᠠ ᠰᠢᠯᠭᠠᠨ᠎ᠠ︔ 15᠄ 00 – 16᠄ 10 ᠴᠠᠬ ᠲᠤ ᠬᠡᠯᠡᠨ ᠤ ᠰᠢᠨᠵᠢᠯᠡᠬᠦ ᠤᠬᠠᠭᠠᠨ ᠤ ᠶᠡᠷᠦᠩᠬᠡᠶᠢᠯᠡᠭᠰᠡᠨ ᠰᠢᠯᠭᠠᠯᠲᠠ ︵ᠶᠤᠰᠤ ᠰᠤᠷᠳᠠᠬᠤᠨ᠂ ᠬᠠᠤᠯᠢ ᠪᠠᠷ ᠵᠠᠰᠠᠬᠤ ᠪᠤᠯᠤᠨ ᠲᠡᠦᠬᠡ︶ ᠶᠢ ᠰᠢᠯᠭᠠᠨ᠎ᠠ᠃      6 ᠰᠠᠷ᠎ᠠ ᠶᠢᠨ 17 ᠤ ᠡᠳᠦᠷ ᠤᠨ 8∶30 -10∶30 ᠴᠠᠬ ᠲᠤ ᠪᠠᠶᠢᠭᠠᠯᠢ ᠶᠢᠨ ᠰᠢᠨᠵᠢᠯᠡᠬᠦ ᠤᠬᠠᠭᠠᠨ ᠤ ᠶᠡᠷᠦᠩᠬᠡᠶᠢᠯᠡᠭᠰᠡᠨ ᠰᠢᠯᠭᠠᠯᠲᠠ ︵ᠹᠢᠽᠢᠺ᠂ ᠬᠢᠮᠢ︶ ᠶᠢ ᠰᠢᠯᠭᠠᠨ᠎ᠠ︔ 14᠄ 20 – 16᠄ 20 ᠴᠠᠬ ᠲᠤ ᠬᠢᠲᠠᠳ ᠬᠡᠯᠡ᠂ ᠮᠤᠩᠭᠤᠯ ᠬᠡᠯᠡ ︵ᠬᠦᠬᠡᠭᠴᠢᠨ︶ ᠶᠢ ᠰᠢᠯᠭᠠᠨ᠎ᠠ︔ 16᠄ 50 – 18᠄ 30 ᠴᠠᠬ ᠲᠤ ᠠᠮᠢᠳᠤ ᠪᠤᠳᠠᠰ ᠭᠠᠵᠠᠷ ᠵᠦᠢ ᠶᠢᠨ ᠶᠡᠷᠦᠩᠬᠡᠶᠢᠯᠡᠭᠰᠡᠨ ᠰᠢᠯᠭᠠᠯᠲᠠ ︵ᠠᠩᠬ᠎ᠠ ᠬᠤᠶᠠᠷ︶ ᠶᠢ ᠰᠢᠯᠭᠠᠨ᠎ᠠ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ