ᠬᠡᠦᠬᠡᠳ ᠤᠨ ᠬᠠᠷᠠᠭ᠎ᠠ ᠶᠢ ᠬᠠᠮᠠᠭᠠᠯᠠᠬᠤ ᠶᠢᠨ ᠲᠥᠯᠥᠭᠡ ᠨᠢᠳᠦᠨ ᠤ ᠰᠠᠯᠠᠭᠠᠨ ᠤ ᠲᠤᠰᠬᠠᠶ ᠮᠡᠷᠭᠡᠵᠢᠯᠲᠡᠨ ᠠᠷᠭ᠎ᠠ ᠭᠠᠷᠭᠠᠵᠤ ᠦᠭᠪᠡ᠄ ᠨᠢᠳᠦ ᠪᠠᠨ ᠠᠮᠠᠷᠠᠭᠤᠯᠤᠨ ᠬᠡᠷᠡᠭᠯᠡᠵᠦ᠂ ᠲᠣᠭᠲᠠᠮᠠᠯ ᠬᠤᠭᠤᠴᠠᠭ᠎ᠠ ᠲᠠᠢ ᠪᠠᠷ ᠬᠠᠷᠠᠭ᠎ᠠ ᠪᠠᠨ ᠪᠠᠶᠢᠴᠠᠭᠠᠯᠭᠠᠬᠤ‌‍ᠬᠡᠷᠡᠭᠳᠡᠢ
ᠨᠡᠶᠢᠲᠡᠯᠡᠭᠰᠡᠨ ᠴᠠᠭ᠄
2019/6/11
     ᠰᠢᠨᠬᠤᠸᠠ ᠬᠤᠷᠢᠶᠠᠨ ᠤ ᠴᠦᠩᠴᠢᠩ ᠤᠨ 6 ᠰᠠᠷ᠎ᠠ ᠶᠢᠨ 5 ᠤ ᠡᠳᠦᠷ ᠤᠨ ᠮᠡᠳᠡᠭᠡ ︵ᠰᠤᠷᠪᠤᠯᠵᠢᠯᠠᠭᠴᠢ ᠯᠢ ᠰᠦᠩ︶  6ᠰᠠᠷ᠎ᠠ ᠶᠢᠨ 6 ᠤ ᠡᠳᠦᠷ ᠪᠣᠯ  ᠪᠦᠬᠦ  ᠤᠯᠤᠰ ᠤᠨ  ᠨᠢᠳᠦ ᠪᠠᠨ  ᠬᠠᠶᠢᠷᠠᠯᠠᠬᠤ  ᠡᠳᠦᠷ  ᠪᠣᠯᠤᠨ᠎ᠠ᠃  ᠴᠦᠩᠴᠢᠩ ᠤᠨ  ᠠᠨᠠᠭᠠᠬᠤ‌ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ ᠬᠡᠦᠬᠡᠳ ᠤᠨ ᠡᠮᠨᠡᠯᠭᠡ ᠶᠢᠨ ᠬᠤᠷᠢᠶᠠᠨ ᠤ ᠨᠢᠳᠦᠨ ᠤ ᠰᠠᠯᠠᠭᠠᠨ ᠤ ᠡᠷᠬᠢᠯᠡᠭᠴᠢ ᠫᠢ‌ᠯᠢᠶᠡᠨ ᠬᠤᠩ ᠲᠠᠨᠢᠯᠴᠠᠭᠤᠯᠤᠨ ᠬᠡᠯᠡᠬᠦ ᠳᠡᠭᠡᠨ᠂ ᠤᠶᠢᠷ᠎ᠠ ᠬᠠᠷᠠᠭ᠎ᠠ ᠲᠠᠢ ᠪᠤᠯᠬᠤ ᠨᠢ  ᠵᠣᠬᠢᠬᠤ  ᠭᠡᠷ  ᠪᠦᠯᠢ ᠶᠢᠨ  ᠤᠳᠤᠮᠰᠢᠯ ᠡᠴᠠ‌‍ᠪᠤᠯᠳᠠᠬ᠂ ᠭᠡᠪᠡᠴᠦ ᠵᠠᠮ ᠶᠠᠪᠤᠬᠤ ᠳᠠᠭᠠᠨ ᠦᠷᠬᠦᠯᠵᠢ ᠨᠣᠮ ᠦᠵᠡᠬᠦ᠂ ᠬᠡᠪᠲᠡᠵᠦ ᠪᠠᠶᠢᠭᠠᠳ ᠨᠣᠮ ᠦᠵᠡᠬᠦ᠂ ᠭᠡᠷᠡᠯ ᠨᠢ ᠬᠡᠳᠦ ᠴᠢᠩᠭ᠎ᠠ‌‍ᠪᠤᠶᠤ ᠬᠡᠳᠦ ᠪᠦᠷᠦᠭ ᠣᠷᠴᠢᠨ ᠲᠣᠭᠤᠷᠢᠨ ᠳᠤ ᠰᠤᠷᠤᠯᠴᠠᠬᠤ᠂  ᠣᠷᠳᠣ  ᠬᠤᠭᠤᠴᠠᠭ᠎ᠠ ᠪᠠᠷ  ᠡᠯᠧᠺᠲᠷᠤᠨ  ᠳᠡᠯᠭᠡᠴᠡ ᠶᠢ  ᠬᠠᠷᠠᠬᠤ‌ᠵᠡᠷᠭᠡ ᠨᠢ ᠪᠠᠰᠠ ᠬᠡᠦᠬᠡᠳ ᠤᠨ ᠨᠢᠳᠦ ᠶᠢ ᠠᠮᠠᠷᠬᠠᠨ ᠶᠠᠳᠠᠷᠠᠭᠤᠯᠳᠠᠭ᠂ ᠦᠷᠭᠦᠯᠵᠢ ᠡᠶᠢᠮᠦ ᠪᠠᠶᠢᠳᠠᠯ ᠳᠤ ᠪᠠᠶᠢᠭᠠᠳ ᠪᠠᠶᠢᠪᠠᠯ ᠤᠶᠢᠷ᠎ᠠ‌ᠬᠠᠷᠠᠭ᠎ᠠ ᠲᠠᠢ ᠪᠣᠯᠭᠠᠳᠠᠭ ᠬᠡᠪᠡ᠃         ᠫᠢ ᠯᠢᠶᠠᠨ ᠬᠤᠩ᠂  ᠬᠡᠦᠬᠡᠳ  ᠶᠠᠭᠤᠮ᠎ᠠ  ᠬᠠᠷᠠᠬᠤ ᠳᠠᠭᠠᠨ  ᠦᠷᠭᠦᠯᠵᠢ  ᠨᠢᠳᠦ ᠪᠠᠨ  ᠰᠦᠮᠡᠶᠢᠬᠦ᠂  ᠪᠠᠶᠢᠨ  ᠲᠠᠬᠢᠨ‌ᠨᠢᠳᠦ ᠪᠠᠨ ᠴᠠᠪᠴᠢᠬᠤ᠂ ᠦᠷᠬᠦᠯᠵᠢ ᠨᠢᠳᠦ ᠪᠠᠨ ᠨᠤᠬᠤᠯᠠᠬᠤ᠂ ᠬᠢᠯᠠᠷ ᠬᠠᠷᠠᠬᠤ ᠵᠡᠷᠭᠡ ᠪᠠᠶᠢᠳᠠᠯ ᠭᠠᠷᠬᠤ ᠶᠢ  ᠭᠡᠷ ᠤᠨ  ᠠᠬᠠᠮᠠᠳ ᠨᠢ‌ᠣᠯᠵᠤ ᠮᠡᠳᠡᠪᠡᠯ᠂ ᠬᠡᠦᠬᠡᠳ ᠤᠨ ᠨᠢᠳᠦ ᠨᠢ ᠤᠶᠢᠷ᠎ᠡ ᠬᠠᠷᠠᠭ᠎ᠠ ᠲᠠᠢ ᠪᠤᠯᠤᠬᠰᠠᠨ ᠡᠰᠡᠬᠦ ᠶᠢ ᠰᠡᠷᠡᠮᠵᠢᠯᠡᠨ  ᠪᠠᠶᠢᠴᠠᠭᠠᠯᠭᠠᠬᠤ  ᠬᠡᠷᠡᠭᠲᠡᠶ‌‍ᠬᠡᠵᠦ ᠰᠠᠨᠠᠭᠤᠯᠵᠠᠢ᠃              ᠬᠡᠦᠬᠡᠳ ᠤᠨ ᠬᠠᠷᠠᠭ᠎ᠠ ᠶᠢ ᠬᠡᠷᠬᠢᠨ  ᠬᠠᠮᠠᠭᠠᠯᠠᠪᠠᠯ  ᠵᠣᠬᠢᠬᠤ  ᠪᠤᠢ︖  ᠫᠢ  ᠯᠢᠶᠠᠨ  ᠬᠤᠩ  ᠬᠡᠯᠡᠬᠦ ᠳᠡᠭᠡᠨ᠂  ᠡᠩ‌‍ᠲ᠋ᠡᠷᠢᠬᠦᠨ ᠳᠤ ᠨᠢᠳᠦ ᠪᠠᠨ ᠠᠮᠠᠷᠠᠭᠤᠯᠤᠨ ᠬᠡᠷᠡᠭᠯᠡᠬᠦ ᠶᠢ ᠪᠠᠷᠢᠮᠲᠠᠯᠠᠬᠤ ᠬᠡᠷᠡᠭᠲᠡᠶ᠃ ᠵᠠᠯᠭᠠᠭ᠎ᠠ ᠪᠠᠷ ᠨᠣᠮ ᠦᠵᠡᠵᠦ  ᠥᠰᠥᠭ  ᠪᠢᠴᠢᠬᠦ ᠪᠤᠶᠤ ᠲᠧᠯᠸᠢᠰ ᠦᠵᠡᠬᠦ ᠳᠡᠭᠡᠨ 30 — 40 ᠮᠢᠨᠦ᠋ᠲ  ᠪᠤᠯᠪᠠᠯ  10  —  15  ᠮᠢᠨᠦ᠋ᠲ  ᠠᠮᠠᠷᠠᠭᠤᠯᠬᠤ ᠶᠢᠨ  ᠬᠠᠮᠲᠤ‌ᠬᠤᠯᠠ ᠶᠢ ᠬᠠᠷᠠᠬᠤ ᠬᠡᠷᠡᠭᠲᠡᠶ᠃ ᠣᠳᠣ ᠨᠠᠩ ᠴᠤ ᠬᠡᠦᠬᠡᠳ ᠢ ᠭᠠᠷ  ᠤᠲᠠᠰᠤ᠂  ᠬᠠᠪᠲᠠᠭᠠᠶ  ᠺᠣᠮᠫᠢᠦ᠋ᠲ᠋ᠧᠷ  ᠵᠡᠷᠭᠡ  ᠡᠯᠧᠺᠲᠷᠤᠨ‌ᠦᠢᠯᠡᠳᠬᠦᠨ ᠢ ᠲᠡᠩᠳᠡᠭᠦᠦ ᠶᠡᠭᠡ ᠬᠡᠷᠡᠭᠯᠡᠬᠦᠯᠬᠦ ᠦᠭᠡᠢ ᠪᠠᠶᠢᠬᠤ ᠬᠡᠷᠡᠭᠲᠡᠶ᠃ ᠬᠡᠦᠬᠡᠳ ᠢ ᠲᠡᠭᠰᠢᠭᠡᠨ  ᠰᠠᠭᠤᠯᠭᠠᠵᠤ᠂  ᠰᠤᠷᠤᠯᠴᠠᠬᠤ‌‍ᠶᠠᠪᠤᠴᠠ ᠳᠤᠨᠢ ᠨᠢᠳᠦ  ᠪᠣᠯᠤᠨ  ᠨᠣᠮ ᠢ ᠨᠢ  ᠨᠢᠭᠡ  ᠲᠣᠬᠤᠢ  ᠵᠠᠶ ᠲᠠᠢ  ᠪᠠᠶᠢᠯᠭᠠᠵᠤ᠂  ᠴᠡᠭᠡᠵᠢᠨ  ᠬᠡᠰᠡᠭ  ᠪᠣᠯᠤᠨ  ᠪᠢᠴᠢᠭ ‍ᠤᠨ‌‍ᠰᠢᠷᠡᠭᠡ ᠶᠢ ᠨᠢ ᠨᠢᠭᠡ ᠨᠢᠳᠤᠷᠭ᠎ᠠ ᠶᠢᠨ ᠵᠠᠶ ᠲᠠᠢ ᠪᠠᠶᠢᠯᠭᠠᠬᠤ ᠬᠡᠷᠡᠭᠲᠡᠶ᠃              ︽ᠶᠡᠭᠡ ᠬᠡᠮᠵᠢᠶᠡᠨ ᠤ ᠰᠤᠳᠤᠯᠭᠠᠨ ᠠᠴᠠ ᠦᠵᠡᠪᠡᠯ᠂ ᠭᠡᠷ ᠤᠨ ᠭᠠᠳᠠᠨᠠᠬᠢ ᠬᠥᠳᠡᠯᠭᠡᠭᠡᠨ ᠨᠢ ᠤᠶᠢᠷ᠎ᠠ  ᠬᠠᠷᠠᠭ᠎ᠠ  ᠡᠭᠦᠰᠴᠦ‌‍ᠬᠥ᠋ᠭᠵᠢᠬᠦ ᠶᠢ ᠰᠡᠷᠭᠡᠶᠢᠯᠡᠬᠦ ᠳᠤ ᠠᠰᠢᠭᠲᠠᠶ︾ ᠭᠡᠵᠦ ᠫᠢ ᠯᠢᠶᠠᠨ ᠬᠤᠩ ᠬᠡᠯᠡᠭᠰᠡᠨ ᠢᠶᠠᠨ ᠵᠠᠯᠭᠠᠭᠠᠳ ᠰᠤᠷᠤᠯᠭ᠎ᠠ ᠶᠢᠨ ᠴᠢᠯᠦᠭᠡᠨ ᠳ᠋ᠤᠨᠢ‌‍ᠬᠡᠦᠬᠡᠳ ᠢ ᠵᠤᠷᠢᠬᠵᠢᠭᠤᠯᠤᠨ ᠭᠡᠷ ᠤᠨ ᠭᠠᠳᠠᠨᠠᠬᠢ ᠬᠥᠳᠡᠯᠭᠡᠭᠡᠨ ᠳᠤ  ᠣᠷᠣᠯᠴᠠᠭᠤᠯᠵᠤ᠂  ᠡᠳᠦᠷ  ᠪᠦᠷᠢ  ᠬᠤᠶᠠᠷ  ᠴᠠᠭ  ᠢᠯᠡᠭᠦᠦ‌‍ᠬᠥ᠋ᠳᠡᠯᠭᠡᠭᠡᠨ ᠬᠢᠯᠭᠡᠬᠦ ᠬᠡᠷᠡᠭᠲᠡᠢ᠃ ᠡᠭᠦᠨ ᠠᠴᠠ ᠭᠠᠳᠠᠨ᠎ᠠ᠂  ᠲᠣᠭᠲᠠᠮᠠᠯ  ᠬᠤᠭᠤᠴᠠᠭ᠎ᠠ ᠲᠠᠢ ᠪᠠᠷ  ᠬᠠᠷᠠᠭ᠎ᠠ ᠶᠢ ᠨᠢ  ᠪᠠᠶᠢᠴᠠᠭᠠᠯᠭᠠᠬᠤ‌‍ᠬᠡᠷᠡᠭᠲᠡᠶ᠂ ᠬᠠᠷᠠᠭ᠎ᠠ ᠨᠢ ᠮᠠᠭᠤᠳᠠᠬᠰᠠᠨ ᠢ ᠤᠯᠵᠤ ᠮᠡᠳᠡᠪᠡᠯ ᠵᠢᠩᠬᠢᠨᠢ ᠡᠮᠴᠢᠯᠡᠭᠡᠨ ᠤ ᠪᠠᠶᠢᠭᠤᠯᠤᠮᠵᠢ  ᠳᠤ ᠬᠦᠷᠴᠦ ᠡᠮᠨᠡᠭᠦᠯᠬᠦ ᠬᠡᠷᠡᠭᠲᠡᠶ᠂ᠵᠢᠩᠬᠢᠨᠢ ᠪᠤᠰᠤ ᠵᠠᠷ ᠮᠡᠳᠡᠭᠡ ᠶᠢ ᠠᠮᠠᠷᠬᠠᠨ ᠢᠲᠡᠭᠡᠵᠦ ᠪᠣᠯᠬᠤ ᠦᠭᠡᠢ ᠬᠡᠵᠦ ᠬᠡᠯᠡᠪᠡ᠃
ᠢᠷᠡᠯᠲᠡ᠄ ᠠᠷᠠᠳ ᠤᠨ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ