ᠮᠤᠩᠭᠤᠯᠴᠤᠳ ᠬᠢᠭᠡᠳ ᠮᠤᠷᠢ ᠶᠢ ᠠᠮᠢᠳᠤᠯᠢᠬ ᠬᠠᠷᠠᠭᠤᠯᠤᠬᠰᠠᠨ ︽ᠪᠤᠭᠤᠷᠤᠯ ᠲᠡᠦᠬᠡ ᠶᠢᠨ ᠬᠦᠯᠦᠭ ᠤᠨ ᠮᠠᠬᠲᠠᠭᠠᠯ︾
ᠨᠡᠶᠢᠲᠡᠯᠡᠭᠰᠡᠨ ᠴᠠᠭ᠄
2019/5/8
      5 ᠰᠠᠷ᠎ᠠ ᠶᠢᠨ 1 ᠤ ᠤᠷᠤᠢ ᠳᠤᠮᠳᠠᠳᠤ ᠤᠯᠤᠰ ᠤᠨ ᠠᠩᠬᠠᠳᠠᠬᠴᠢ ᠪᠦᠲᠦᠨ ᠦᠵᠡᠭᠳᠡᠯᠳᠤ ᠲᠤᠮᠤ ᠤᠪᠤᠷ ᠤᠨ ᠠᠳᠤᠭᠤᠨ ᠤ ᠵᠦᠴᠦᠭᠡ ᠪᠤᠯᠬᠤ ︽ᠪᠤᠭᠤᠷᠤᠯ ᠲᠡᠦᠬᠡ ᠶᠢᠨ ᠬᠦᠯᠦᠭ ᠤᠨ ᠮᠠᠬᠲᠠᠭᠠᠯ︾ ᠢ ᠦᠪᠦᠷ ᠮᠤᠩᠭᠤᠯ ᠤᠨ ᠴᠦᠭᠡᠨ ᠲᠤᠭᠠᠲᠤ ᠦᠨᠳᠦᠰᠦᠲᠡᠨ ᠤ ᠤᠯᠠᠨ ᠲᠦᠮᠡᠨ ᠤ ᠰᠤᠶᠤᠯ ᠪᠡᠶ᠎ᠠ ᠶᠢᠨ ᠲᠠᠮᠢᠷ ᠤᠨ ᠲᠦᠪ ᠲᠤ ᠲᠤᠬᠯᠠᠪᠠ᠃ ︽ᠪᠤᠭᠤᠷᠤᠯ ᠲᠡᠦᠬᠡ ᠶᠢᠨ ᠬᠦᠯᠦᠭ ᠤᠨ ᠮᠠᠬᠲᠠᠭᠠᠯ︾ ᠨᠢ ᠦᠪᠦᠷ ᠮᠤᠩᠭᠤᠯ ᠤᠨ ᠦᠨᠳᠦᠰᠦᠲᠡᠨ ᠤ ᠤᠷᠠᠯᠢᠬ ᠤᠨ ᠬᠦᠷᠢᠶᠡᠯᠡᠩ ᠤᠨ ᠬᠢᠨ ᠤ ᠵᠤᠬᠢᠶᠠᠨ ᠪᠦᠲᠦᠭᠡᠭᠰᠡᠨ ᠮᠠᠨ ᠤ ᠤᠯᠤᠰ ᠤᠨ ᠠᠩᠬᠠᠳᠠᠬᠴᠢ ᠠᠳᠤᠭᠤᠨ ᠰᠤᠶᠤᠯ ᠤᠨ ᠪᠦᠲᠦᠨ ᠦᠵᠡᠭᠳᠡᠯᠳᠤ ᠲᠤᠬᠯᠠᠯᠲᠠ ᠪᠠᠶᠢᠭ᠎ᠠ᠃ ᠲᠤᠰ ᠵᠦᠴᠦᠭᠡ ᠲᠤ ᠮᠤᠩᠭᠤᠯᠴᠤᠳ ᠬᠢᠭᠡᠳ ᠮᠤᠷᠢᠨ ᠤ ᠤᠴᠠᠷᠠᠵᠤ ᠲᠠᠨᠢᠯᠴᠠᠬᠰᠠᠨ᠂ ᠦᠶᠡᠷᠬᠡᠵᠦ ᠳᠠᠰᠤᠯᠴᠠᠬᠰᠠᠨ᠂ ᠠᠮᠢ ᠨᠠᠰᠤ ᠪᠠᠨ ᠬᠤᠯᠪᠤᠬᠰᠠᠨ ᠦᠩᠭᠡᠷᠡᠯᠲᠡ ᠶᠢ ᠵᠢᠷᠤᠬᠯᠠᠵᠦ᠂ ᠮᠤᠷᠢᠲᠠᠨ ᠦᠨᠳᠦᠰᠦᠲᠡᠨ ᠤ ᠠᠭᠤᠳᠠᠮ ᠪᠠᠭᠲᠠᠭᠠᠮᠵᠢᠲᠠᠢ᠂ ᠰᠢᠨᠳᠠᠰᠤ ᠬᠠᠲᠠᠭᠤ ᠵᠤᠷᠢᠬ ᠰᠠᠨᠠᠭ᠎ᠠ ᠶᠢ ᠮᠠᠬᠲᠠᠵᠠᠢ᠃ ︵ᠭᠡᠷᠡᠯ ᠵᠢᠷᠤᠬ ᠢ ᠰᠢᠨᠬᠤᠸᠠ ᠨᠤᠲ ᠤᠨ ᠱᠢ ᠢ︶
ᠢᠷᠡᠯᠲᠡ᠄ ᠰᠢᠨᠬᠤᠧᠠ ᠮᠣᠩᠭᠤᠯ ᠨᠧᠲ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ