ᠤᠯᠤᠰ ᠤᠨ ᠬᠦᠭᠵᠢᠬᠦᠯᠦᠯᠲᠠ ᠦᠭᠡᠷᠡᠴᠢᠯᠡᠯᠲᠡ ᠶᠢᠨ ᠵᠦᠪᠯᠡᠯ᠄ ᠨᠢᠭᠡᠲᠤᠯᠳᠡᠢ ᠳᠦᠯᠦᠪᠯᠡᠵᠦ ᠪᠠᠶᠢᠭᠠᠳ ᠲᠠᠷᠢᠶᠠᠴᠢᠳ ᠤᠨ ᠳᠦᠷᠪᠡᠨ ᠲᠠᠯ᠎ᠠ ᠶᠢᠨ ᠤᠷᠤᠯᠭ᠎ᠠ ᠶᠢ ᠨᠡᠮᠡᠭᠲᠡᠬᠦᠯᠦᠨ᠎ᠡ
ᠨᠡᠶᠢᠲᠡᠯᠡᠭᠰᠡᠨ ᠴᠠᠭ᠄
2019/5/8
        ᠨᠠᠮ ᠤᠨ ᠳᠦᠪ ᠬᠤᠷᠢᠶ᠎ᠠ ᠪᠤᠯᠤᠨ ᠳᠦᠷᠦ ᠶᠢᠨ ᠶᠠᠪᠤᠲᠠᠯ ᠤᠨ ᠬᠤᠷᠢᠶ᠎ᠠ ᠤᠷᠴᠢᠮᠬᠠᠨ ᠳᠤ  ︽ᠬᠤᠲᠠ  ᠬᠦᠲᠡᠭᠡ  ᠵᠢ‌ᠠᠭᠤᠰᠤᠯᠲᠤᠭᠤᠯᠤᠨ ᠬᠦᠭᠵᠢᠬᠦᠯᠬᠦ ᠪᠠᠶᠢᠭᠤᠯᠤᠯ ᠲᠤᠭᠲᠠᠴᠠ ᠪᠠ ᠳᠦᠷᠦ ᠶᠢᠨ  ᠪᠤᠲᠤᠯᠭ᠎ᠠ   ᠶᠢᠨ  ᠰᠢᠰᠲ᠋ᠧᠮ   ᠢ  ᠪᠠᠶᠢᠭᠤᠯᠤᠨ‌‍ᠲ᠋ᠡᠬᠦᠯᠲᠡᠷᠵᠢᠬᠦᠯᠬᠦ ᠲᠤᠬᠠᠢ ᠰᠠᠨᠠᠯ︾ ᠢ ᠲᠠᠷᠬᠠᠭᠠᠵᠠᠢ᠃  ᠯᠢᠦ  ᠴᠦᠨ  ᠢᠤᠢ  ᠬᠤᠷᠠᠯ  ᠳᠡᠭᠡᠷ᠎ᠡ  ︽ᠲᠠᠷᠢᠶᠠᠴᠢᠳ   ᠢ  ᠬᠡᠷᠬᠢᠨ‌‍ᠪᠠᠶᠠᠵᠢᠭᠤᠯᠬᠤ ᠪᠤᠢ︾ ᠭᠡᠲᠡᠭ ᠠᠰᠠᠭᠤᠲᠠᠯ ᠳᠤ ᠴᠢᠭᠯᠡᠬᠦᠯᠦᠨ᠂ ᠲᠠᠷᠢᠶᠠᠯᠠᠩ ᠬᠦᠲᠡᠭᠡ ᠲᠤᠰᠬᠤᠨ ᠲᠠᠷᠢᠶᠠᠴᠢᠨ   ᠤ  ᠠᠰᠠᠭᠤᠲᠠᠯ‌‍ᠤᠨ ᠭᠤᠤᠯᠲᠠᠯᠭ᠎ᠠ ᠪᠤᠯ ᠲᠠᠷᠢᠶᠠᠴᠢᠳ ᠤᠨ ᠠᠰᠠᠭᠤᠲᠠᠯ ᠮᠥᠨ᠂ ᠲᠠᠷᠢᠶᠠᠴᠢᠨ ᠤ ᠠᠰᠠᠭᠤᠲᠠᠯ ᠤᠨ ᠭᠤᠤᠯᠲᠠᠯᠭ᠎ᠠ ᠪᠤᠯ ᠤᠷᠤᠯᠭ᠎ᠠ‌ᠮᠥ᠋ᠨ ᠭᠡᠵᠤ ᠬᠡᠯᠡᠭᠰᠡᠨ ᠪᠠᠶᠢᠨ᠎ᠠ᠃              ᠤᠯᠤᠰ ᠤᠨ ᠬᠦᠭᠵᠢᠬᠦᠯᠦᠯᠲᠠ ᠦᠭᠡᠷᠡᠴᠢᠯᠡᠯᠲᠡ ᠶᠢᠨ ᠵᠦᠪᠯᠡᠯ ᠤᠨ ᠳᠦᠯᠦᠪᠵᠢᠬᠦᠯᠬᠡ   ᠶᠢᠨ  ᠵᠤᠷᠭᠠᠨ   ᠤ  ᠬᠤᠲᠠ‌‍ᠬᠦ᠋ᠲᠡᠭᠡ ᠶᠢ ᠠᠭᠤᠰᠤᠯᠲᠤᠭᠤᠯᠤᠨ ᠬᠦᠭᠵᠢᠬᠦᠯᠬᠦ ᠭᠠᠵᠠᠷ ᠤᠨ ᠲᠠᠷᠤᠭ᠎ᠠ ᠯᠢᠦ ᠴᠦᠨ ᠢᠤᠢ᠄  ᠠᠷᠠᠳ  ᠳᠦᠮᠡᠨ   ᠢᠶᠠᠷ  ᠭᠤᠤᠯ‌‍ᠪᠤᠯᠭᠠᠬᠤ ᠬᠦᠭᠵᠢᠬᠦᠯᠦᠯᠲᠠ ᠶᠢᠨ ᠦᠵᠡᠯ ᠰᠠᠨᠠᠭ᠎ᠠ ᠶᠢ ᠨᠠᠶᠢᠲᠠᠪᠤᠷᠢᠵᠢᠭᠤᠯᠵᠤ᠂ ᠰᠢᠷᠭᠠᠭᠤ ᠬᠦᠲᠡᠯᠮᠦᠷᠢ ᠪᠠᠷ ᠢᠶᠠᠨ ᠪᠠᠶᠠᠵᠢᠬᠤ ᠵᠢ‌ᠵᠤᠷᠢᠬᠵᠢᠭᠤᠯᠵᠤ᠂ ᠲᠠᠷᠢᠶᠠᠴᠢᠳ ᠤᠨ ᠴᠠᠯᠢᠩ ᠤᠨ ᠴᠢᠨᠠᠷᠲᠠᠢ᠂ ᠡᠵᠡᠩᠨᠡᠯᠲᠡ ᠶᠢᠨ ᠴᠢᠨᠠᠷᠲᠠᠢ᠂ ᠡᠳ᠋ ᠬᠦᠷᠦᠩᠭᠡ ᠶᠢᠨ ᠴᠢᠨᠠᠷᠲᠠᠢ᠂ᠰᠢᠯᠵᠢᠬᠦᠯᠬᠦ ᠴᠢᠨᠠᠷᠲᠠᠢ ᠵᠡᠷᠭᠡ ᠳᠦᠷᠪᠡᠨ ᠲᠠᠯ᠎ᠠ ᠶᠢᠨ  ᠤᠷᠤᠯᠭ᠎ᠠ   ᠶᠢ  ᠨᠢᠭᠡᠲᠤᠯᠳᠡᠢ  ᠳᠦᠯᠦᠪᠯᠡᠨ  ᠳᠡᠭᠡᠭᠰᠢᠯᠡᠬᠦᠯᠦᠨ᠎ᠡ  ᠭᠡᠵᠤ‌‍ᠲ᠋ᠤᠲᠤᠷᠬᠠᠢ ᠲᠤᠷᠠᠳᠴᠠᠢ᠃              ᠡᠩ ᠲᠡᠷᠢᠬᠦᠨ ᠳᠤ᠂ ᠲᠠᠷᠢᠶᠠᠴᠢᠳ ᠤᠨ ᠴᠡᠯᠢᠩ ᠤᠨ ᠴᠢᠨᠠᠷᠲᠠᠢ ᠤᠷᠤᠯᠭ᠎ᠠ ᠶᠢ  ᠨᠡᠮᠡᠭᠲᠡᠬᠦᠯᠬᠦ  ᠲᠠᠯ᠎ᠠ   ᠪᠠᠷ᠂  ᠨᠢᠭᠡ‌‍ᠲ᠋ᠠᠯ᠎ᠠ ᠪᠠᠷ ᠲᠠᠷᠢᠶᠠᠯᠠᠩ ᠤᠨ ᠬᠦᠮᠦᠨ ᠠᠮᠠ ᠶᠢᠨ ᠬᠤᠲᠠ ᠳᠤ ᠡᠷᠦᠬᠡ ᠠᠮᠠ ᠤᠷᠤᠬᠤ ᠶᠢ ᠶᠡᠭᠡ ᠪᠠᠷ  ᠠᠬᠢᠭᠤᠯᠤᠨ᠂  ᠬᠦᠲᠡᠭᠡ‌‍ᠲ᠋ᠤᠰᠬᠤᠨ ᠤ ᠲᠠᠷᠢᠶᠠᠯᠠᠩ ᠤᠨ ᠬᠦᠲᠡᠯᠮᠦᠷᠢᠴᠢᠨ ᠤ ᠳᠤᠭ᠎ᠠ  ᠶᠢ ᠪᠠᠭᠠᠰᠬᠠᠨ᠎ᠠ︔ ᠨᠦᠬᠦᠭᠡ ᠲᠠᠯ᠎ᠠ ᠪᠠᠷ᠂ ᠬᠤᠲᠠ ᠪᠠᠯᠭᠠᠰᠦᠨ ᠳ᠋ᠥ‌ᠡᠷᠦᠬᠡ ᠠᠮᠠ ᠤᠷᠤᠭᠰᠠᠨ ᠦᠭᠡᠢ ᠬᠦᠯᠦᠰᠦᠨ  ᠠᠵᠢᠯᠴᠢᠨ   ᠳᠤ  ᠵᠤᠷᠢᠭᠤᠯᠤᠨ᠂  ᠠᠵᠢᠯ  ᠤᠯᠬᠤ  ᠤᠷᠴᠢᠨ  ᠨᠦᠬᠦᠴᠠᠯ  ᠢ‌‍ᠰᠠᠶᠢᠵᠢᠷᠠᠭᠤᠯᠬᠤ᠂ ᠠᠵᠢᠯ ᠤᠨ ᠪᠠᠶᠢᠷᠢ ᠶᠢ ᠤᠯᠠᠰᠢᠷᠠᠭᠤᠯᠬᠤ᠂ ᠬᠦᠲᠡᠯᠮᠦᠷᠢᠴᠢᠳ ᠤᠨ ᠬᠡᠪ ᠴᠢᠨᠠᠷ ᠢ ᠲᠡᠭᠡᠭᠰᠢᠯᠡᠬᠦᠯᠬᠦ  ᠭᠤᠷᠪᠠᠨ‌‍ᠲ᠋ᠠᠯ᠎ᠠ ᠠᠴᠠ ᠭᠠᠷᠲᠠᠵᠤ᠂ ᠲᠠᠷᠢᠶᠠᠴᠢᠳ ᠤᠨ ᠴᠠᠯᠢᠩ ᠤᠨ ᠴᠢᠨᠠᠷᠲᠠᠢ ᠤᠷᠤᠯᠭ᠎ᠠ ᠶᠢ ᠨᠡᠮᠡᠭᠲᠡᠬᠦᠯᠦᠨ᠎ᠡ᠃              ᠬᠤᠶᠠᠲᠤᠭᠠᠷ ᠲᠤ᠂ ᠲᠠᠷᠢᠶᠠᠴᠢᠳ ᠤᠨ ᠡᠵᠡᠩᠨᠡᠯᠲᠡ ᠶᠢᠨ ᠴᠢᠨᠠᠷᠲᠠᠢ ᠤᠷᠤᠯᠭ᠎ᠠ ᠶᠢ ᠨᠡᠮᠡᠭᠲᠡᠬᠦᠯᠬᠦ ᠲᠠᠯ᠎ᠠ   ᠪᠠᠷ᠂  ᠡᠳ᠋‌‍ᠤᠨ ᠵᠠᠰᠠᠭ᠂ ᠵᠢᠭᠡᠯᠡᠯᠬᠡ᠂ ᠲᠠᠭᠠᠳᠬᠠᠯ᠂ ᠭᠠᠵᠠᠷ ᠲᠠᠲᠠᠪᠤᠷᠢᠯᠠᠨ ᠬᠡᠷᠡᠭᠯᠡᠬᠦ ᠵᠡᠷᠭᠡ ᠳᠦᠷᠦ ᠶᠢᠨ ᠪᠤᠲᠤᠯᠭ᠎ᠠ ᠶᠢ ᠳᠡᠬᠦᠯᠲᠡᠷᠵᠢᠬᠦᠯᠦᠨ‌‍ᠲ᠋ᠠᠷᠢᠶᠠᠯᠠᠩ ᠤᠨ ᠦᠪᠡᠷ ᠤᠨ ᠦᠷᠲᠡᠭ ᠢ ᠲᠤᠷᠤᠭᠰᠢᠯᠠᠭᠤᠯᠵᠤ᠂ ᠲᠠᠷᠢᠶᠠᠯᠠᠩ ᠤᠨ  ᠤᠷᠤᠯᠭ᠎ᠠ   ᠶᠢ  ᠨᠡᠮᠡᠭᠲᠡᠬᠦᠯᠬᠦ  ᠮᠦᠷᠲᠡᠭᠡᠨ‌‍ᠪᠠᠰᠠ ᠳᠤᠰᠬᠠᠢ ᠠᠵᠢᠯ ᠤᠨ ᠲᠠᠷᠢᠶᠠᠴᠢᠨ ᠤ ᠤᠷ᠎ᠠ ᠴᠢᠲᠠᠪᠤᠷᠢ ᠶᠢ ᠲᠡᠭᠡᠭᠰᠢᠯᠡᠬᠦᠯᠵᠦ᠂ ᠰᠢᠨ᠎ᠡ  ᠮᠠᠶ᠋ᠢᠭ   ᠤᠨ  ᠲᠠᠷᠢᠶᠠᠯᠠᠩ  ‍ᠤᠨ‌ᠡᠵᠡᠩᠨᠡᠯᠲᠡ ᠶᠢᠨ ᠪᠠᠶᠠᠴᠢ ᠴᠤᠭᠴᠠ ᠶᠢ ᠪᠤᠶᠢᠵᠢᠭᠤᠯᠤᠨ ᠬᠦᠭᠵᠢᠬᠦᠯᠵᠦ᠂ ᠲᠠᠷᠢᠶᠠᠯᠠᠩ ᠤᠨ ᠦᠷ᠎ᠡ ᠠᠰᠢᠭ ᠪᠠ ᠲᠠᠷᠢᠶᠠᠴᠢᠨ  ‍ᠣ‌ᠤᠷᠤᠯᠭ᠎ᠠ ᠶᠢ ᠨᠢᠭᠡᠲᠤᠯᠳᠡᠢ ᠳᠦᠯᠦᠪᠯᠡᠨ ᠨᠡᠮᠡᠭᠲᠡᠬᠦᠯᠦᠨ᠎ᠡ᠃              ᠭᠤᠷᠪᠠᠲᠤᠭᠠᠷ ᠲᠤ᠂ ᠲᠠᠷᠢᠶᠠᠴᠢᠳ ᠤᠨ ᠡᠳ᠋ ᠤᠨ ᠵᠠᠰᠠᠭ ᠤᠨ ᠴᠢᠨᠠᠷᠲᠠᠢ ᠤᠷᠤᠯᠭ᠎ᠠ ᠶᠢ ᠨᠡᠮᠡᠭᠲᠡᠬᠦᠯᠬᠦ  ᠲᠠᠯ᠎ᠠ   ᠪᠠᠷ᠂ᠵᠠᠬ᠎ᠠ ᠳᠡᠯᠬᠡᠬᠦᠷᠴᠢᠯᠡᠭᠰᠡᠨ ᠦᠭᠡᠷᠡᠴᠢᠯᠠᠯᠲᠠ ᠪᠠᠷ ᠤᠲᠤᠷᠢᠳᠤᠮᠵᠢ ᠪᠤᠯᠭᠠᠵᠤ᠂ ᠬᠦᠲᠡᠭᠡ ᠲᠤᠰᠬᠤᠨ ᠤ ᠬᠠᠮᠳᠦ   ᠶᠢᠨ  ᠦᠮᠴᠢᠯᠠᠯ‌‍ᠤᠨ ᠡᠷᠭᠡ ᠶᠢᠨ ᠳᠦᠷᠢᠮ ᠤᠨ ᠦᠭᠡᠷᠡᠴᠢᠯᠡᠯᠲᠡ ᠶᠢ ᠠᠬᠢᠭᠤᠯᠤᠨ᠂ ᠬᠦᠲᠡᠭᠡ ᠲᠤᠰᠬᠤᠨ ᠤ ᠬᠠᠮᠳᠦ ᠶᠢᠨ ᠡᠳ᠋  ᠬᠦᠷᠦᠩᠭᠡ  ᠵᠢ‌ᠢᠯᠭᠠᠷᠠᠭᠤᠯᠤᠨ ᠳᠢᠭᠯᠡᠬᠦ ᠠᠵᠢᠯ ᠢ ᠳᠦᠷᠭᠡᠪᠴᠢᠯᠡᠬᠦ ᠶᠢᠨ ᠬᠠᠮᠳᠦ ᠡᠵᠡᠩᠨᠡᠯᠲᠡ ᠶᠢᠨ ᠴᠢᠨᠠᠷᠲᠠᠢ ᠡᠳ᠋ ᠬᠦᠷᠦᠩᠭᠡ ᠶᠢ ᠬᠠᠮᠳᠦ ᠵᠢᠨ‌‍ᠪᠦ᠋ᠷᠢᠯᠳᠦᠬᠦᠨ ᠳᠤ ᠳᠤᠭᠠᠴᠢᠯᠠᠨ ᠤᠨᠤᠬᠲᠠᠭᠤᠯᠵᠤ᠂ ᠲᠠᠷᠢᠶᠠᠴᠢᠳ ᠤᠨ  ᠡᠳ᠋   ᠤᠨ  ᠵᠠᠰᠠᠭ   ᠤᠨ  ᠴᠢᠨᠠᠷᠲᠠᠢ  ᠤᠷᠤᠯᠭ᠎ᠠ  ᠵᠢ‌ᠨᠡᠮᠡᠭᠲᠡᠬᠦᠯᠵᠦ᠂ ᠬᠦᠲᠡᠭᠡ ᠳᠤᠰᠬᠤᠨ ᠤ ᠡᠬᠢ ᠪᠠᠶᠠᠯᠢᠭ ᠤᠨ ᠡᠳ᠋  ᠬᠦᠷᠦᠩᠭᠡ  ᠪᠤᠯᠵᠤ  ᠬᠤᠪᠢᠷᠠᠬᠤ᠂  ᠪᠠᠯᠠ  ᠮᠦᠩᠬᠦ  ᠵᠢᠨ‌ᠬᠤᠪᠢᠴᠠᠭ᠎ᠠ ᠮᠦᠩᠬᠦ ᠪᠤᠯᠵᠤ ᠬᠤᠪᠢᠷᠠᠬᠤ᠂ ᠲᠠᠷᠢᠶᠠᠴᠢᠨ ᠤ ᠬᠤᠪᠢᠴᠠᠭᠠᠲᠠᠨ ᠪᠤᠯᠵᠤ ᠬᠤᠪᠢᠷᠠᠬᠤ ᠶᠢ ᠠᠬᠢᠭᠤᠯᠤᠨ᠎ᠠ᠃             ᠳᠦᠷᠪᠡᠲᠦᠭᠡᠷ ᠲᠤ᠂ ᠲᠠᠷᠢᠶᠠᠴᠢᠳ ᠤᠨ ᠰᠢᠯᠵᠢᠬᠦᠯᠬᠦ ᠴᠢᠨᠠᠷᠲᠠᠢ ᠤᠷᠤᠯᠭ᠎ᠠ ᠶᠢ ᠨᠡᠮᠡᠭᠲᠡᠬᠦᠯᠬᠦ ᠲᠠᠯ᠎ᠠ ᠪᠠᠷ᠂ ᠵᠠᠰᠠᠭ ‍ᠤᠨ‌ᠤᠷᠲᠤᠨ ᠤ ᠳᠠᠬᠢᠨ ᠬᠤᠪᠢᠶᠠᠷᠢᠯᠠᠵᠤ ᠵᠤᠬᠢᠴᠠᠭᠤᠯᠬᠤ ᠡᠬᠦᠷᠭᠡ ᠴᠢᠲᠠᠪᠤᠷᠢ ᠶᠢ  ᠰᠠᠶᠢᠲᠤᠷ  ᠪᠠᠲᠠᠷᠠᠭᠤᠯᠵᠤ᠂  ᠲᠠᠷᠢᠶᠠᠴᠢᠳ  ‍ᠤᠨ‌ᠠᠵᠤ ᠠᠮᠢᠲᠤᠷᠠᠯ ᠳᠤ ᠵᠤᠷᠢᠭᠤᠯᠤᠬᠰᠠᠨ ᠤᠯᠠᠨ ᠨᠡᠶᠢᠲᠡ ᠶᠢᠨ ᠡᠳ᠋  ᠤᠨ ᠬᠦᠴᠦᠨ ᠤ ᠪᠠᠲᠤᠯᠠᠭ᠎ᠠ ᠶᠢ  ᠴᠢᠩᠭᠠᠳᠬᠠᠨ᠂  ᠬᠤᠲᠠ‌‍ᠬᠦ᠋ᠲᠡᠭᠡ ᠶᠢᠨ ᠬᠤᠭᠤᠷᠤᠨᠲᠤᠬᠢ ᠤᠷᠤᠯᠭ᠎ᠠ ᠶᠢᠨ ᠬᠤᠪᠢᠶᠠᠷᠢᠯᠠᠯᠲᠠ ᠶᠢᠨ ᠪᠠᠶᠢᠷᠢᠰᠢᠯ ᠢ  ᠲᠠᠰᠤᠷᠠᠯᠲᠠ  ᠦᠭᠡᠢ  ᠲᠤᠬᠢᠷᠠᠭᠤᠯᠤᠨ‌‍ᠰᠢᠯᠢᠲᠡᠭᠵᠢᠬᠦᠯᠦᠨ᠎ᠡ᠃              ᠤᠯᠤᠰ ᠤᠨ ᠬᠦᠭᠵᠢᠬᠦᠯᠦᠯᠲᠠ ᠦᠭᠡᠷᠡᠴᠢᠯᠡᠯᠲᠡ ᠶᠢᠨ ᠵᠦᠪᠯᠡᠯ ᠤᠨ ᠳᠦᠯᠦᠪᠵᠢᠬᠦᠯᠬᠡ ᠶᠢᠨ  ᠵᠤᠷᠭᠠᠨ   ᠤ  ᠲᠠᠷᠤᠭ᠎ᠠ‌‍ᠴᠧᠨ ᠶᠠ ᠵᠢᠶᠦ᠋ᠨ ᠨᠦᠬᠦᠪᠦᠷᠢᠯᠠᠨ ᠬᠡᠯᠡᠭᠰᠡᠨ ᠨᠢ᠂ ᠬᠤᠲᠠ ᠬᠦᠲᠡᠭᠡ ᠶᠢ  ᠠᠭᠤᠰᠤᠯᠲᠤᠭᠤᠯᠤᠨ  ᠬᠦᠭᠵᠢᠬᠦᠯᠬᠦ  ᠲᠠᠪᠤᠨ  ᠶᠡᠭᠡ‌‍ᠪᠠᠶᠢᠭᠤᠯᠤᠯ ᠳᠤᠭᠲᠠᠴᠠ ᠶᠢᠨ ᠦᠭᠡᠷᠡᠴᠢᠯᠡᠯᠲᠡ ᠪᠤᠯ ᠴᠦᠮ ᠲᠠᠷᠢᠶᠠᠴᠢᠳ ᠤᠨ ᠤᠷᠤᠯᠭ᠎ᠠ   ᠶᠢ  ᠨᠡᠮᠡᠭᠲᠡᠬᠦᠯᠬᠦ   ᠳᠤ  ᠠᠰᠢᠬᠲᠠᠢ‌‍ᠶᠤᠮ᠃ ᠨᠡᠩ ᠬᠤᠷᠸ᠎ᠠ ᠲᠠᠯ᠎ᠠ ᠠᠴᠠ ᠠᠪᠴᠦ ᠬᠡᠯᠡᠪᠡᠯ᠂ ᠲᠠᠷᠢᠶᠠᠴᠢᠳ ᠤᠨ ᠤᠷᠤᠯᠭ᠎ᠠ  ᠶᠢ ᠨᠡᠮᠡᠭᠲᠡᠬᠦᠯᠬᠦ   ᠳᠤ  ᠬᠦᠷᠲᠡᠪᠦᠷᠢ  ᠪᠠ‌ᠬᠤᠪᠢᠶᠠᠷᠢ ᠶᠢ ᠬᠤᠯᠪᠤᠯᠲᠤᠭᠤᠯᠤᠨ ᠬᠦᠲᠡᠯᠬᠡᠬᠦ ᠬᠡᠷᠡᠭᠲᠡᠢ᠂ ᠨᠢᠭᠡ ᠲᠠᠯ᠎ᠠ ᠪᠠᠷ ᠬᠦᠷᠲᠡᠪᠦᠷᠢ ᠶᠢ ᠶᠡᠬᠡᠰᠭᠡᠨ᠂ ᠨᠦᠬᠦᠭᠡ ᠲᠠᠯ᠎ᠠ ᠪᠠᠷ‌ᠬᠤᠪᠢᠶᠠᠷᠢ ᠶᠢ ᠪᠠᠭᠠᠰᠬᠠᠬᠤ ᠬᠡᠷᠡᠭᠲᠡᠢ᠃
ᠢᠷᠡᠯᠲᠡ᠄ ᠠᠷᠠᠳ ᠤᠨ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ