ᠬᠤᠷᠳᠤᠨ ᠤ ᠵᠠᠮ ᠤᠨ ᠠᠦ᠋ᠲ᠋ᠤᠪᠦ᠋ᠰ ᠤᠨ 3᠂ 4 ᠨᠤᠮᠧᠷᠳᠤ ᠱᠤᠭᠤᠮ ᠢ 9 ᠤ ᠡᠳᠤᠷ ᠨᠡᠪᠳᠡᠷᠡᠬᠦᠯᠦᠨ᠎ᠡ
ᠨᠡᠶᠢᠲᠡᠯᠡᠭᠰᠡᠨ ᠴᠠᠭ᠄
2019/5/8
      6 ᠤ ᠡᠳᠤᠷ ᠰᠤᠷᠪᠤᠯᠵᠢᠯᠠᠭᠴᠢ ᠬᠤᠳᠠ ᠶᠢᠨ ᠠᠦ᠋ᠲ᠋ᠤᠪᠦ᠋ᠰ ᠤᠨ ᠶᠡᠷᠦᠩᠬᠡᠢ ᠺᠤᠮᠫᠠᠨᠢ ᠠᠴᠠ ᠤᠶᠢᠯᠠᠭᠠᠭᠰᠠᠨ ᠢᠶᠠᠷ᠂ ᠬᠤᠷᠳᠤᠨ ᠤ ᠵᠠᠮ ᠤᠨ ᠲᠠᠭᠠᠤ ᠰᠠᠭᠤᠭ᠎ᠠ ᠢᠷᠭᠡᠳ ᠤᠨ ᠵᠤᠷᠴᠢᠬᠤ ᠱᠠᠭᠠᠷᠳᠠᠯᠭ᠎ᠠ ᠶᠢ ᠬᠠᠩᠬᠠᠵᠤ᠂ ᠵᠠᠮ ᠲᠦᠭᠵᠢᠷᠡᠬᠦ ᠶᠢ ᠨᠠᠮᠳᠠᠭᠠᠬᠤ ᠶᠢᠨ ᠲᠦᠯᠦᠬᠡ ᠲᠤᠰ ᠺᠤᠮᠫᠠᠨᠢ 5 ᠰᠠᠷ᠎ᠠ ᠶᠢᠨ 9 ᠤ ᠡᠳᠤᠷ ᠠᠴᠠ ᠡᠬᠢᠯᠡᠨ ᠬᠤᠷᠳᠤᠨ ᠤ ᠵᠠᠮ ᠤᠨ ᠠᠦ᠋ᠲ᠋ᠤᠪᠦ᠋ᠰ ᠤᠨ 3᠂ 4 ᠨᠤᠮᠧᠷᠳᠤ ᠱᠤᠭᠤᠮ ᠢ ᠨᠡᠬᠡᠬᠡᠵᠤ 1᠂ 2 ᠬᠤᠶᠠᠷ ᠨᠤᠮᠧᠷᠳᠤ ᠠᠦ᠋ᠲ᠋ᠤᠪᠦ᠋ᠰ ᠤᠨ ᠱᠤᠭᠤᠮ ᠳᠤ ᠲᠤᠬᠢᠷᠠᠭᠤᠯᠤᠯᠳᠠ ᠬᠢᠨ᠎ᠡ᠃      ᠤᠶᠢᠯᠠᠭᠠᠭᠰᠠᠨ ᠢᠶᠠᠷ᠂ ᠬᠤᠷᠳᠤᠨ ᠤ ᠵᠠᠮ ᠤᠨ 3 ᠨᠤᠮᠧᠳᠤ ᠠᠦ᠋ᠲ᠋ᠤᠪᠦ᠋ᠰ ᠤᠨ ᠱᠤᠭᠤᠮ ᠨᠢ ᠰᠢᠨᠬᠤᠸᠠ ᠪᠠᠷᠠᠭᠤᠨ ᠵᠡᠬᠡᠯᠢ ᠦᠷᠳᠡᠬᠡᠨ ᠠᠴᠠ ᠭᠤᠸᠠᠩᠮᠢᠩ ᠲᠤᠮᠤ ᠵᠡᠬᠡᠯᠢ ᠦᠷᠳᠡᠭᠡ ᠬᠦᠷᠦᠨ᠎ᠡ᠂ 4 ᠨᠤᠮᠧᠷᠳᠤ ᠠᠦ᠋ᠲ᠋ᠤᠪᠦ᠋ᠰ ᠤᠨ ᠱᠤᠭᠤᠮ ᠨᠢ ᠭᠤᠸᠠᠩᠮᠢᠩ ᠲᠤᠮᠤ ᠵᠡᠬᠡᠯᠢ ᠦᠷᠳᠡᠬᠡᠨ ᠠᠴᠠ ᠰᠢᠨᠬᠤᠸᠠ ᠪᠠᠷᠠᠭᠤᠨ ᠵᠡᠬᠡᠯᠢ ᠦᠷᠳᠡᠭᠡ ᠬᠦᠷᠦᠨ᠎ᠡ᠃ ᠲᠤᠬᠢᠷᠠᠭᠤᠯᠤᠯᠳᠠ ᠬᠢᠭᠰᠡᠨ ᠤ ᠲᠠᠷᠠᠭᠠᠬᠢ 1 ᠨᠤᠮᠧᠷᠳᠤ ᠠᠦ᠋ᠲ᠋ᠤᠪᠦ᠋ᠰ ᠤᠨ ᠱᠤᠭᠤᠮ ᠨᠢ ᠬᠠᠶᠢᠯᠠᠷ ᠵᠡᠬᠦᠨ ᠵᠡᠬᠡᠯᠢ ᠦᠷᠳᠡᠭᠡ ᠠᠴᠠ ᠰᠢᠨᠬᠤᠸᠠ ᠵᠡᠬᠦᠨ ᠵᠡᠬᠡᠯᠢ ᠦᠷᠳᠡᠭᠡ ᠬᠦᠷᠴᠦ᠂ 2 ᠨᠤᠮᠧᠷᠳᠤ ᠠᠦ᠋ᠲ᠋ᠤᠪᠦ᠋ᠰ ᠤᠨ ᠱᠤᠭᠤᠮ ᠨᠢ ᠰᠢᠨᠬᠤᠸᠠ ᠵᠡᠬᠦᠨ ᠵᠡᠭᠡᠯᠢ ᠦᠷᠳᠡᠬᠡᠨ ᠠᠴᠠ ᠬᠠᠶᠢᠯᠠᠷ ᠵᠡᠬᠦᠨ ᠵᠡᠬᠡᠯᠢ ᠦᠷᠳᠡᠭᠡ ᠬᠦᠷᠴᠦ᠂ ᠰᠢᠨ᠎ᠡ ᠪᠠᠷ 20 ᠠᠦ᠋ᠲ᠋ᠤᠪᠦ᠋ᠰ ᠤᠨ ᠮᠠᠰᠢᠨ ᠨᠡᠮᠡᠪᠡ᠃ ᠠᠦ᠋ᠲ᠋ᠤᠪᠦ᠋ᠰ ᠤᠨ ᠮᠠᠰᠢᠨ ᠢ ᠠᠵᠢᠯᠯᠠᠭᠤᠯᠬᠤ ᠴᠠᠭ ᠲᠤ ᠨᠢ ᠬᠤᠪᠢᠷᠠᠯᠳᠠ ᠦᠭᠡᠢ᠂ ᠦᠷᠯᠦᠬᠡᠨ ᠤ 6᠄ 30 ᠴᠠᠭ ᠠᠴᠠ ᠤᠷᠤᠢ ᠶᠢᠨ 19᠄ 00 ᠴᠠᠭ ᠲᠤ ᠬᠦᠷᠳᠡᠯ᠎ᠡ ᠠᠵᠢᠯᠯᠠᠭᠤᠯᠤᠨ᠎ᠠ᠃
ᠢᠷᠡᠯᠲᠡ᠄ ᠬᠥᠬᠡᠬᠤᠲᠠ ᠶᠢᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ