ᠡᠷᠡᠬᠦᠯ ᠪᠤᠰᠦ ᠬᠠᠷᠠᠰᠦ ᠢᠲᠡᠭᠡᠨ ᠤᠮᠲᠠᠭᠠᠨ ᠨᠢ ᠪᠦᠭᠡᠷ᠎ᠡ ᠶᠢ ᠭᠡᠮᠳᠦᠭᠡᠵᠦ ᠮᠡᠲᠡᠨ᠎ᠡ
ᠨᠡᠶᠢᠲᠡᠯᠡᠭᠰᠡᠨ ᠴᠠᠭ᠄
2019-05-08
      ᠬᠦᠮᠦᠰ ᠶᠡᠷᠦ ᠳᠡᠭᠡᠨ ᠬᠠᠷᠠᠰᠦ ᠬᠤᠭᠤᠯᠠ ᠢᠲᠡᠭᠡᠳ ᠪᠠᠶᠢᠪᠠᠯ ᠪᠦᠭᠡᠷ᠎ᠡ ᠶᠢ ᠬᠠᠮᠠᠭᠠᠯᠠᠵᠤ᠂ ᠪᠦᠭᠡᠷ᠎ᠡ ᠶᠢᠨ  ᠡᠪᠡᠳᠴᠢᠨ‌‍ᠣ ᠳᠦᠭᠰᠢᠬᠦᠷᠢ ᠶᠢ ᠪᠠᠭᠠᠰᠬᠠᠵᠤ ᠪᠤᠯᠤᠨ᠎ᠠ ᠭᠡᠵᠤ ᠦᠵᠡᠲᠡᠭ᠃ ᠭᠡᠪᠡᠴᠦ ᠰᠢᠨ᠎ᠡ ᠰᠤᠳᠤᠯᠭᠠᠨ   ᠤ  ᠳ᠋ᠦᠩ   ᠠᠴᠠ  ᠦᠵᠡᠪᠡᠯ᠂ᠬᠠᠷᠠᠰᠦ ᠪᠠᠷ ᠬᠤᠭᠤᠯᠠᠯᠠᠬᠤ ᠳᠤ ᠪᠠᠰᠠ ᠬᠢᠴᠢᠶᠡᠬᠦ ᠬᠡᠷᠡᠭᠲᠡᠢ ᠵᠦᠢᠯ ᠪᠤᠢ᠂ ᠴᠠᠷᠲᠠᠭᠤᠯ ᠪᠠ ᠰᠢᠬᠢᠷ ᠶᠡᠬᠡᠲᠡᠢ ᠬᠠᠷᠠᠰᠦ ᠢᠲᠡᠭᠡᠨ ᠢ‌ᠦᠷᠬᠦᠯᠵᠢ ᠢᠲᠡᠪᠡᠯ ᠪᠦᠭᠡᠷ᠎ᠡ ᠶᠢᠨ ᠭᠡᠮᠳᠦᠯ ᠢ ᠨᠡᠮᠡᠭᠲᠡᠬᠦᠯᠬᠦ ᠳᠦᠭᠰᠢᠬᠦᠷᠢ ᠲᠠᠢ ᠶᠤᠮ ᠪᠠᠶᠢᠨ᠎ᠠ᠃         ︽ᠠᠮᠧᠷᠢᠺᠠ ᠶᠢᠨ ᠪᠦᠭᠡᠷ᠎ᠡ ᠶᠢᠨ ᠡᠪᠡᠳᠴᠢᠨ ᠤ ᠰᠢᠨᠵᠢᠯᠡᠭᠡᠨ ᠤ ᠨᠡᠶᠢᠭᠡᠮᠯᠢᠭ   ᠤᠨ  ᠡᠪᠡᠳᠴᠢᠨ   ᠤ  ᠵᠠᠰᠠᠯᠭ᠎ᠠ  ᠵᠢᠨ‌‍ᠰᠡᠳᠬᠦᠯ︾ ᠤᠨ ᠰᠦᠯᠵᠢᠶᠠᠨ ᠤ ᠬᠡᠪᠯᠡᠯ ᠳᠤ ᠤᠷᠴᠢᠮᠬᠠᠨ ᠨᠡᠶᠢᠲᠡᠯᠡᠭᠰᠡᠨ ᠰᠤᠳᠤᠯᠭᠠᠨ ᠤ ᠳ᠋ᠦᠩ   ᠠᠴᠠ  ᠦᠵᠡᠪᠡᠯ᠂  ᠶᠤᠬᠠᠨᠰ‌ᠬᠤᠫᠺᠢᠨ᠋ᠰ ᠶᠡᠭᠡ ᠰᠤᠷᠭᠠᠭᠤᠯᠢ ᠵᠡᠷᠭᠡ ᠪᠠᠶᠢᠭᠤᠯᠤᠮᠵᠢ ᠶᠢᠨ ᠰᠤᠳᠤᠯᠭᠠᠲᠠᠳ 1.4 ᠳᠦᠮᠡᠨ  ᠨᠠᠰᠦᠨ   ᠳᠤ  ᠬᠦᠷᠦᠭᠰᠡᠳ  ‍ᠤᠨ‌ᠢᠲᠡᠵᠦ ᠤᠤᠭᠤᠬᠤ ᠲᠠᠳᠬᠠᠯ ᠪᠠ ᠪᠦᠭᠡᠷ᠎ᠡ ᠶᠢᠨ ᠴᠢᠲᠠᠮᠵᠢ ᠳᠤ ᠵᠠᠲᠠᠯᠤᠯᠲᠠ ᠬᠢᠭᠰᠡᠨ ᠪᠦᠭᠡᠳ ᠲᠡᠲᠡᠨ ᠤ ᠳᠤᠳᠤᠷᠠᠬᠢ  ᠬᠠᠭᠠᠰ‌‍ᠲ᠋ᠤᠭᠠᠨ ᠤ ᠬᠦᠮᠦᠨ ᠳᠤ ᠬᠤᠷᠢᠨ ᠳᠦᠷᠪᠡᠨ ᠵᠢᠯ ᠳᠤᠷᠰᠢ ᠮᠦᠷᠲᠡᠨ ᠪᠠᠶᠢᠴᠠᠭᠠᠯᠲᠠ ᠬᠢᠵᠡᠢ᠃ ᠡᠬᠦᠨ ᠳᠤ  ᠨᠡᠶᠢᠲᠡ  4343ᠬᠦᠮᠦᠨ ᠨᠢ ᠰᠤᠳᠤᠯᠭᠠᠨ ᠤ ᠬᠤᠭᠤᠴᠠᠭᠠᠨ ᠳᠤ ᠤᠲᠠᠭᠠᠨ ᠴᠢᠨᠠᠷᠲᠠᠢ ᠪᠦᠭᠡᠷ᠎ᠡ ᠶᠢᠨ ᠡᠪᠡᠳᠴᠢᠨ ᠳᠤ ᠨᠡᠷᠪᠡᠭᠲᠡᠵᠡᠢ᠃              ᠰᠤᠳᠤᠯᠭᠠᠨ ᠢᠶᠠᠷ ᠢᠯᠡᠷᠡᠬᠦᠯᠦᠭᠰᠡᠨ ᠨᠢ᠂ ᠡᠷᠡᠬᠦᠯ ᠬᠠᠷᠠᠰᠦ ᠢᠲᠡᠭᠡᠨ ᠢ  ᠮᠠᠰᠢ  ᠴᠦᠭᠡᠨ  ᠢᠲᠡᠲᠡᠭ  ᠬᠦᠮᠦᠨ  ᠲᠡᠢ‌ᠬᠠᠷᠢᠴᠠᠭᠤᠯᠪᠠᠯ᠂ ᠬᠡᠵᠢᠶᠡᠲᠡ ᠡᠷᠡᠬᠦᠯ ᠬᠠᠷᠠᠰᠦ ᠢᠲᠡᠭᠡᠨ ᠢᠲᠡᠲᠡᠭ ᠬᠦᠮᠦᠨ ᠤ ᠪᠦᠭᠡᠷ᠎ᠡ ᠶᠢᠨ ᠡᠪᠡᠳᠴᠢᠨ ᠤᠯᠬᠤ ᠳᠦᠭᠰᠢᠬᠦᠷᠢ‌ᠨᠢ 14% ᠪᠠᠷ ᠪᠠᠭᠤᠷᠠᠨ᠎ᠠ︔ ᠡᠷᠡᠬᠦᠯ ᠪᠤᠰᠦ ᠬᠠᠷᠠᠰᠦ ᠢᠲᠡᠭᠡᠨ ᠢ ᠮᠠᠰᠢ ᠴᠦᠭᠡᠨ ᠢᠲᠡᠲᠡᠭ ᠬᠦᠮᠦᠨ ᠲᠠᠢ ᠬᠠᠷᠢᠴᠠᠭᠤᠯᠪᠠᠯ᠂ᠡᠷᠡᠬᠦᠯ ᠪᠤᠰᠦ ᠬᠠᠷᠠᠰᠦ ᠢᠲᠡᠭᠡᠨ ᠢ ᠪᠠᠶᠢᠩᠭᠤ ᠢᠲᠡᠲᠡᠭ ᠬᠦᠮᠦᠨ ᠤ ᠪᠦᠭᠡᠷ᠎ᠡ   ᠶᠢᠨ  ᠡᠪᠡᠳᠴᠢᠨ  ᠤᠯᠬᠤ  ᠳᠦᠭᠰᠢᠬᠦᠷᠢ   ᠨᠢ11% ᠪᠠᠷ ᠲᠡᠭᠡᠭᠰᠢᠯᠡᠨ᠎ᠡ᠃              ᠡᠷᠡᠬᠦᠯ ᠬᠠᠷᠠᠰᠦ ᠢᠲᠡᠭᠡᠨ ᠭᠡᠲᠡᠭ ᠲᠤ ᠠᠮᠤ ᠲᠠᠷᠢᠶᠠᠨ ᠤ ᠵᠦᠢᠯ᠂ ᠠᠯᠮᠤᠷᠠᠳ᠂ ᠠᠯᠢᠮ᠎ᠠ ᠵᠡᠷᠭᠡ ᠵᠢᠮᠢᠰ ᠤᠨ ᠵᠦᠢᠯ᠂ᠭᠦᠨ ᠨᠤᠭᠤᠭᠠᠨ ᠦᠩᠭᠡᠲᠤ ᠨᠠᠪᠴᠢ ᠨᠤᠭᠤᠭ᠎ᠠ᠂ ᠬᠠᠲᠠᠭᠤ ᠵᠢᠮᠢᠰ᠂ ᠪᠠᠶᠢᠭᠠᠯᠢᠯᠢᠭ ᠯᠤᠬᠠᠱᠧᠩ ᠤᠨ ᠵᠢᠶᠠᠩ ᠵᠡᠷᠭᠡ ᠪᠠᠭᠲᠠᠨ᠎ᠠ︔ᠡᠷᠡᠬᠦᠯ ᠪᠤᠰᠦ ᠬᠠᠷᠠᠰᠦ ᠢᠲᠡᠭᠡᠨ ᠢᠲᠡᠬᠦ ᠭᠡᠲᠡᠭ ᠲᠤ ᠳᠦᠮᠦᠰᠦ ᠵᠡᠷᠭᠡ ᠴᠠᠷᠲᠠᠭᠤᠯ ᠶᠡᠬᠡᠲᠡᠢ ᠢᠲᠡᠭᠡᠨ  ᠢᠲᠡᠬᠦ᠂  ᠵᠢᠮᠢᠰ  ‍ᠤᠨ‌‍ᠰᠢᠬᠦᠰᠦ ᠪᠠᠷ ᠵᠢᠮᠢᠰ ᠢ  ᠤᠷᠤᠯᠠᠭᠤᠯᠬᠤ᠂  ᠰᠢᠬᠢᠷ   ᠲᠠᠢ  ᠤᠮᠲᠠᠭ᠎ᠠ᠂  ᠰᠢᠬᠢᠷ᠂  ᠪᠤᠭᠤᠷᠰᠤᠭ᠂  ᠴᠤᠺᠤᠯᠳ᠋  ᠢᠲᠡᠬᠦ  ᠵᠡᠷᠭᠡ‌‍ᠪᠠᠭᠲᠠᠨ᠎ᠠ᠃             ᠰᠤᠳᠤᠯᠭᠠᠲᠠᠨ ᠨᠠᠷ ᠬᠡᠯᠡᠭᠰᠡᠨ ᠨᠢ᠂ ᠰᠤᠳᠤᠯᠭᠠᠨ ᠤ ᠳ᠋ᠦᠩ ᠠᠴᠠ ᠦᠵᠡᠪᠡᠯ᠂ ᠮᠢᠬ᠎ᠠ ᠪᠠ ᠡᠷᠡᠬᠦᠯ  ᠪᠤᠰᠦ  ᠬᠠᠷᠠᠰᠦ‌ᠢᠲᠡᠭᠡᠨ ᠢ ᠪᠠᠭ᠎ᠠ ᠢᠲᠡᠬᠦ᠂ ᠡᠷᠡᠬᠦᠯ ᠬᠠᠷᠠᠰᠦ ᠢᠲᠡᠭᠡᠨ ᠢ ᠢᠯᠡᠬᠦᠦ ᠢᠲᠡᠬᠦ ᠨᠢ ᠪᠦᠭᠡᠷ᠎ᠡ   ᠶᠢ  ᠬᠠᠮᠠᠭᠠᠯᠠᠬᠤ   ᠳᠤ  ᠳᠤᠰᠠᠳᠠᠢ᠂ᠪᠦᠭᠡᠷ᠎ᠡ ᠶᠢᠨ ᠴᠢᠲᠠᠮᠵᠢ ᠮᠠᠭᠤᠲᠠᠬᠤ ᠶᠢ  ᠤᠲᠠᠭᠠᠰᠢᠷᠠᠭᠤᠯᠬᠤ  ᠪᠠ  ᠪᠦᠭᠡᠷ᠎ᠡ   ᠶᠢᠨ  ᠡᠪᠡᠳᠴᠢᠨ  ᠡᠬᠦᠰᠬᠦ  ᠳᠦᠭᠰᠢᠬᠦᠷᠢ  ᠵᠢ‌‍ᠪᠠᠭᠠᠰᠬᠠᠬᠤ ᠦᠢᠯᠡᠳᠦᠯ ᠲᠠᠢ ᠭᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号