ᠮᠠᠯᠴᠢᠳ ᠰᠢᠨᠵᠢᠯᠡᠬᠦ ᠤᠬᠠᠭᠠᠨᠴᠢ ᠪᠠᠷ ᠪᠡᠯᠴᠢᠭᠡᠷ ᠢᠶᠠᠨ ᠡᠵᠡᠩᠨᠡᠬᠦ APP ᠲᠠᠢ ᠪᠣᠯᠣᠯ᠎ᠠ
ᠨᠡᠶᠢᠲᠡᠯᠡᠭᠰᠡᠨ ᠴᠠᠭ᠄
2019/5/31
       ᠣᠶᠢᠷ᠎ᠠ ᠳᠤ᠂ ᠥᠪᠦᠷ  ᠮᠣᠩᠭᠤᠯ   ᠤᠨ  ᠨᠡᠯᠢᠶᠡᠳ  ᠣᠯᠠᠨ  ᠮᠠᠯᠴᠢᠨ  ︽ᠪᠡᠯᠴᠢᠭᠡᠷ ᠤᠨ  ᠤᠷᠠᠨ  ᠡᠵᠡᠩᠨᠡᠯᠳᠡ︾(“智慧草场”) ᠭᠡᠭᠴᠢ ᠨᠢᠭᠡᠨ APP ᠶᠢ ᠭᠠᠷ ᠤᠳᠠᠰᠤᠨ ᠳᠠᠭᠠᠨ ᠪᠠᠭᠤᠯᠭᠠᠭᠰᠠᠨ ᠶᠤᠮ᠃  ᠳᠤᠰ  APP ᠨᠢ ᠮᠠᠯᠴᠢᠳ ᠤᠨ ᠪᠡᠯᠴᠢᠭᠡᠷ ᠤᠰᠤᠨ ᠤ ᠳᠠᠯᠠᠪᠠᠢ᠂ ᠮᠠᠯ ᠰᠦᠷᠦᠭ  ᠤᠨ ᠳᠦᠷᠦᠯ ᠵᠦᠢᠯ᠂ ᠲᠤᠭ᠎ᠠ  ᠲᠤᠯᠤᠭᠠᠢ  ᠵᠡᠷᠭᠡ  ᠮᠡᠳᠡᠭᠡ‌ᠵᠠᠩᠭᠢ ᠵᠢᠴᠢ ᠪᠡᠯᠴᠢᠭᠡᠷ ᠤᠨ ᠭᠡᠷᠡᠯ ᠵᠢᠷᠤᠭ ᠢ ᠦᠨᠳᠦᠰᠦᠯᠡᠵᠥ᠂ ᠮᠠᠯᠴᠢᠳ ᠲᠤ ᠳᠣᠬᠠᠢ ᠶᠢᠨ ᠪᠡᠯᠴᠢᠭᠡᠷ ᠢᠶᠠᠨ ᠬᠢᠷᠬᠢᠨ ᠡᠵᠡᠩᠨᠡᠨ‌ᠬᠠᠮᠢᠶᠠᠷᠬᠤ ᠳᠤᠬᠠᠢ ᠰᠢᠨᠵᠢᠯᠡᠬᠦ ᠤᠬᠠᠭᠠᠨᠴᠢ ᠰᠠᠨᠠᠯ ᠰᠠᠨᠠᠭᠤᠯᠭ᠎ᠠ ᠦᠭᠳᠡᠭ᠃ ᠮᠠᠯᠴᠢᠳ  ᠲᠤᠰ  APP   ᠠᠴᠠ  ᠦᠭᠭᠦᠭᠰᠡᠨ‌ᠵᠥ᠋ᠪᠯᠡᠯᠭᠡ ᠶᠢ ᠦᠨᠳᠦᠰᠥᠯᠡᠵᠥ᠂ ᠮᠠᠯ ᠮᠠᠯᠵᠢᠬᠤ ᠳᠦᠯᠥᠪᠯᠡᠭᠡ ᠪᠠᠨ ᠴᠠᠭ ᠳᠤᠬᠠᠢ ᠳᠤᠨᠢ ᠵᠤᠬᠢᠴᠠᠭᠤᠯᠵᠤ᠂ ᠳᠠᠭᠠᠭᠠᠴᠠ ᠠᠴᠠ ᠨᠢ‌‍ᠲ᠋ᠠᠪᠠᠭᠤᠯᠵᠦ ᠮᠠᠯᠵᠢᠬᠤ ᠠᠴᠠ ᠪᠣᠯᠣᠭᠰᠠᠨ ᠪᠡᠯᠴᠢᠭᠡᠷ ᠡᠪᠡᠰᠥᠨ   ᠤ  ᠡᠪᠳᠡᠭᠳᠡᠯ   ᠢ  ᠤᠷᠢᠳᠴᠢᠯᠠᠨ  ᠰᠡᠷᠭᠡᠶᠢᠯᠡᠵᠥ  ᠪᠣᠯᠣᠨ᠎ᠠ᠃ᠮᠠᠯᠴᠢᠳ ᠥᠪᠡᠷ ᠤᠨ ᠡᠪᠡᠰᠥ ᠪᠡᠯᠴᠢᠭᠡᠷ ᠤᠨ ᠳᠠᠯᠠᠪᠠᠢ ᠶᠢ ᠳᠤᠳᠤᠷᠬᠠᠢ ᠮᠡᠳᠡᠭᠦ ᠦᠭᠡᠢ ᠪᠠᠶᠢᠳᠠᠯ   ᠳᠤ᠂  ᠭᠠᠷ  ᠤᠳᠠᠰᠤ  ᠪᠠᠨ‌‍ᠪᠠᠷᠢᠭᠠᠳ ᠪᠡᠯᠴᠢᠭᠡᠷ ᠢᠶᠠᠨ ᠨᠢᠭᠡ ᠳᠣᠭᠤᠷᠢᠬᠤ   ᠳᠤ᠂  ᠲᠤᠰ  APP  ᠳᠡᠷᠡ  ᠳᠠᠷᠤᠶᠢᠬᠠᠨ  ᠪᠡᠯᠴᠢᠭᠡᠷ   ᠤᠨ  ᠳᠠᠯᠠᠪᠠᠢ  ᠵᠢ‌‍ᠪᠦ᠋ᠷᠢᠳᠭᠡᠵᠦ ᠭᠠᠷᠭᠠᠳᠠᠭ᠃    
       ᠣᠶᠢᠷ᠎ᠠ ᠶᠢᠨ ᠡᠳᠦᠷ᠂ ᠬᠢᠨᠠᠨ ᠰᠢᠯᠭᠠᠬᠤ ᠮᠡᠷᠭᠡᠵᠢᠯᠳᠡᠳ ᠤᠨ ᠳᠤᠭᠤᠶᠢᠯᠠᠩ ᠠᠴᠠ ︽ᠦᠪᠦᠷ ᠮᠣᠩᠭᠤᠯ   ᠤᠨ  ᠡᠪᠡᠰᠥ‌‍ᠪᠡᠯᠴᠢᠭᠡᠷ ᠢ ᠲᠤᠭᠠᠴᠢᠯᠠᠭᠰᠠᠨ ᠮᠡᠷᠭᠡᠵᠢᠯ ᠢᠶᠠᠷ ᠡᠵᠡᠩᠨᠡᠨ ᠬᠠᠮᠢᠶᠠᠷᠬᠤ ᠳᠦᠷᠦᠯ ᠵᠦᠢᠯ︾ ᠢ  ᠬᠢᠨᠠᠨ  ᠰᠢᠯᠭᠠᠭᠰᠠᠨ   ᠤ  ᠳᠠᠷᠠᠭ᠎ᠠ᠂ᠳᠤᠰ ᠳᠦᠷᠦᠯ ᠵᠦᠢᠯ ᠨᠢ ᠨᠢᠭᠡ ᠳᠠᠯ᠎ᠠ ᠪᠠᠷ ᠡᠪᠡᠰᠥ ᠪᠡᠯᠴᠢᠭᠡᠷ ᠤᠨ ᠦᠢᠯᠡᠳᠪᠦᠷᠢᠯᠡᠯ ᠤᠨ ᠳᠠᠯᠳᠠ ᠬᠦᠴᠦᠨ᠂ ᠭᠠᠷᠤᠯᠳᠠ  ᠵᠢᠨ‌‍ᠪᠠᠶᠢᠳᠠᠯ ᠵᠡᠷᠭᠡ ᠢ ᠭᠦᠨᠵᠡᠭᠡᠢ ᠵᠠᠳᠠᠯᠤᠭᠰᠠᠨ ᠤ ᠰᠠᠭᠤᠷᠢᠨ ᠳᠡᠭᠡᠷ᠎ᠡ᠂ ᠪᠡᠯᠴᠢᠭᠡᠷ ᠤᠨ ᠳᠡᠵᠢᠭᠡᠯ ᠡᠪᠡᠰᠥᠨ ᠤ ᠨᠦᠭᠡᠴᠡ ᠪᠣᠯᠣᠨ ᠮᠠᠯ‌ᠠᠵᠤ ᠠᠬᠤᠢ ᠳᠤ ᠱᠠᠭᠠᠷᠳᠠᠭᠳᠠᠬᠤ ᠤᠯᠠᠷᠢᠯ ᠤᠨ ᠴᠢᠨᠠᠷ ᠲᠠᠢ ᠵᠢᠮ᠎ᠡ ᠬᠠᠣᠯᠢ   ᠶᠢ  ᠰᠤᠳᠤᠯᠵᠤ᠂  ᠪᠤᠭᠤᠨᠢ  ᠬᠤᠭᠤᠴᠠᠭ᠎ᠠ  ᠳᠠᠢ‌‍ᠰᠡᠯᠭᠦᠨ ᠮᠠᠯᠵᠢᠬᠤ ᠪᠠ ᠰᠡᠯᠭᠦᠨ ᠮᠠᠯᠵᠢᠯ ᠤᠨ ᠬᠤᠭᠤᠴᠠᠭᠠᠨ ᠳᠤ ᠳᠠᠷᠢᠶᠠᠯᠠᠩ ᠮᠠᠯ ᠠᠵᠤ ᠠᠬᠤᠢ ᠶᠢ ᠤᠶᠠᠯᠳᠤᠭᠤᠯᠤᠨ  ᠳᠡᠵᠢᠭᠡᠯ‌ᠡᠪᠡᠰᠥ ᠬᠠᠩᠭᠠᠬᠤ ᠮᠠᠯ ᠠᠵᠤ ᠠᠬᠤᠢ ᠶᠢᠨ ᠡᠵᠡᠩᠨᠡᠯᠳᠡ ᠶᠢᠨ ᠪᠦᠳᠦᠭᠡᠯᠴᠢ ᠬᠡᠪ ᠵᠠᠭᠪᠦᠷ ᠢ ᠪᠤᠢ ᠪᠤᠯᠭᠠᠵᠤ ᠴᠢᠳᠠᠭᠰᠠᠨ  ᠪᠥᠭᠡᠳ‌ᠨᠦ᠋ᠭᠦᠭᠡ ᠳᠠᠯ᠎ᠠ ᠪᠠᠷ ᠮᠠᠯ ᠠᠵᠤ ᠠᠬᠤᠢ ᠶᠢᠨ ᠦᠢᠯᠡᠳᠪᠦᠷᠢᠯᠡᠯ᠂ ᠮᠠᠯᠴᠢᠳ ᠤᠨ ᠠᠮᠢᠳᠤᠷᠠᠯ ᠪᠠ ᠪᠡᠯᠴᠢᠭᠡᠷ ᠤᠨ ᠠᠮᠢ ᠠᠬᠤᠢ ᠵᠢᠨ‌ᠠᠮᠤᠷ ᠳᠦᠪᠰᠢᠨ ᠤ ᠬᠤᠭᠤᠷᠤᠨᠳᠤᠬᠢ ᠵᠦᠷᠢᠴᠡᠯ ᠢ ᠰᠢᠢᠳᠪᠦᠷᠢᠯᠡᠬᠦ ᠠᠷᠭ᠎ᠠ ᠵᠠᠮ ᠢ ᠰᠦᠪᠡᠭᠴᠢᠯᠡᠵᠥ᠂ ᠪᠡᠯᠴᠢᠭᠡᠷ ᠤᠨ ᠮᠠᠯ  ᠠᠵᠤ‌ᠠᠬᠤᠢ ᠶᠢᠨ ᠲᠤᠭᠳᠠᠪᠤᠷᠢᠳᠡᠢ ᠬᠦᠭᠵᠢᠯᠳᠡ ᠶᠢᠨ ᠠᠭᠤᠯᠤᠭᠳᠠᠬᠤᠨ ᠶᠢ  ᠪᠠᠶᠠᠯᠢᠭᠵᠢᠭᠤᠯᠤᠭᠰᠠᠨ  ᠪᠠᠶᠢᠨ᠎ᠠ  ᠭᠡᠵᠦ  ᠦᠨᠡᠯᠡᠵᠡᠢ᠃︽ᠪᠡᠯᠴᠢᠭᠡᠷ ᠤᠨ ᠤᠷᠠᠨ ᠡᠵᠡᠩᠨᠡᠯᠳᠡ︾ ᠭᠡᠬᠦ ᠭᠠᠷ ᠤᠳᠠᠰᠤᠨ ᠤ APP ᠶᠢ ᠡᠪᠡᠰᠥ ᠪᠡᠯᠴᠢᠭᠡᠷ   ᠤᠨ  ᠦᠢᠯᠡᠳᠪᠦᠷᠢᠯᠡᠯ  ‍ᠤᠨ‌‍ᠬᠦ᠋ᠴᠦᠨ ᠤ ᠦᠨᠡᠯᠡᠯᠲᠡ ᠪᠠ ᠮᠠᠯᠵᠢᠯ ᠤᠨ ᠳᠦᠯᠥᠪᠯᠡᠭᠡ ᠭᠠᠷᠭᠠᠬᠤ ᠳᠤ ᠠᠰᠢᠭᠯᠠᠵᠤ᠂ ᠲᠡᠷᠡ ᠨᠢ  ᠰᠢᠨᠵᠢᠯᠡᠬᠦ  ᠤᠬᠠᠭᠠᠨᠴᠢ  ᠪᠠ‌ᠵᠦ᠋ᠢ ᠵᠣᠬᠢᠰᠲᠠᠢ ᠪᠠᠷ ᠡᠪᠡᠰᠥ ᠪᠡᠯᠴᠢᠭᠡᠷ ᠪᠣᠯᠣᠨ  ᠮᠠᠯ  ᠰᠦᠷᠦᠭ   ᠢᠶᠠᠨ  ᠡᠵᠡᠩᠨᠡᠨ  ᠬᠠᠮᠢᠶᠠᠷᠬᠤ   ᠳᠤ  ᠳᠦᠬᠦᠮ  ᠦᠵᠡᠭᠦᠯᠬᠦ‌‍ᠪᠤᠯᠤᠨ᠎ᠠ᠃             ᠤᠩᠭᠤᠨ ᠪᠠᠶᠢᠭᠠᠯᠢ ᠶᠢ ᠬᠠᠮᠠᠭᠠᠯᠠᠬᠤ ᠨᠡᠶᠢᠭᠡᠮᠯᠢᠭ ︵TNC︶ ᠤᠨ ᠦᠪᠦᠷ ᠮᠣᠩᠭᠤᠯ ᠳᠠᠬᠢ  ᠳᠦᠷᠦᠯ  ᠵᠦᠢᠯ  ‍ᠤᠨ‌ᠠᠬᠠᠯᠠᠭᠴᠢ ᠬᠠᠷᠢᠭᠤᠴᠠᠯᠭᠠᠲᠠᠨ ᠬᠤ᠋ ᠶᠠᠩ ᠤᠨ  ᠳᠠᠨᠢᠯᠴᠠᠭᠤᠯᠤᠭᠰᠠᠨ   ᠢᠶᠠᠷ᠂  ᠳᠤᠰ  APP   ᠨᠢ  ᠮᠥᠨᠴᠥ  ᠮᠠᠯᠴᠢᠳ ᠲᠤ᠋‌ᠬᠠᠪᠰᠣᠷᠣᠨ ᠡᠪᠦᠯ ᠤᠨ ᠦᠶ᠎ᠡ ᠳᠤ ᠬᠡᠷᠡᠭᠰᠡᠬᠦ ᠮᠠᠯ ᠤᠨ ᠳᠡᠵᠢᠭᠡᠯ ᠡᠪᠡᠰᠥᠨ ᠤ ᠬᠡᠮᠵᠢᠶ᠎ᠡ ᠶᠢ ᠪᠠᠷᠤᠭᠴᠠᠭᠠᠯᠠᠨ ᠪᠣᠳᠤᠬᠤ ᠴᠢᠳᠠᠪᠬᠢ‌‍ᠲ᠋ᠠᠢ ᠪᠠᠶᠢᠳᠠᠭ᠃ ᠮᠠᠯᠴᠢᠳ APP ᠪᠠᠷ ᠳᠠᠮᠵᠢᠨ ᠦᠪᠡᠷ ᠤᠨ ᠪᠡᠯᠴᠢᠭᠡᠷ ᠠᠴᠠ ᠬᠠᠳᠤᠵᠤ ᠪᠤᠯᠬᠤ ᠡᠪᠡᠰᠥᠨ ᠤ  ᠬᠡᠮᠵᠢᠶ᠎ᠡ  ᠪᠠ‌ᠮᠡᠯ ᠳᠤ ᠬᠡᠷᠡᠭᠰᠡᠬᠦ ᠡᠪᠦᠯ ᠤᠨ ᠳᠡᠵᠢᠭᠡᠯ ᠡᠪᠡᠰᠥᠨ ᠤ ᠶᠡᠷᠥᠩᠭᠡᠢ ᠬᠡᠮᠵᠢᠶ᠎ᠡ ᠶᠢ ᠪᠠᠷᠤᠭᠴᠠᠭᠠᠯᠠᠨ ᠪᠤᠳᠤᠵᠤ᠂ ᠬᠡᠷᠪᠡ  ᠡᠨᠡ  ᠬᠤᠶᠠᠷ‌ᠵᠦ᠋ᠢᠯ ᠤᠨ ᠳᠤᠭ᠎ᠠ ᠪᠠᠷᠢᠮᠳᠠ ᠨᠢ ᠬᠠᠷᠢᠯᠴᠠᠨ ᠵᠣᠬᠢᠴᠠᠯᠳᠤᠬᠤ ᠦᠭᠡᠢ ᠪᠠᠶᠢᠳᠠᠯ ᠳᠤ᠂ ᠮᠠᠯᠴᠢᠳ  APP  ᠲᠡᠭᠡᠷ᠎ᠡ  ᠳ᠋ᠦᠩᠨᠡᠵᠦ‌ᠭᠠᠷᠭᠠᠭᠰᠠᠨ ᠰᠠᠨᠠᠭᠤᠯᠭ᠎ᠠ ᠶᠢ ᠦᠨᠳᠦᠰᠦᠯᠡᠵᠦ  ᠡᠪᠡᠰᠥ  ᠪᠤᠷᠳᠤᠭ᠎ᠠ   ᠪᠠᠨ  ᠬᠤᠳᠠᠯᠳᠤᠨ  ᠠᠪᠴᠤ  ᠪᠣᠯᠳᠠᠭ᠃  ᠡᠭᠦᠨ  ᠡᠴᠠ‌ᠭᠠᠳᠠᠨ᠎ᠠ᠂ ᠳᠤᠰ APP ᠨᠢ ᠪᠠᠰᠠ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠶᠢᠨ ᠡᠪᠡᠰᠥ ᠪᠡᠯᠴᠢᠭᠡᠷ ᠤᠨ ᠬᠠᠮᠢᠶᠠᠷᠤᠯᠳᠠ  ᠵᠢᠨ‌ᠠᠵᠢᠯ ᠢ ᠨᠡᠩ ᠤᠷᠤᠭᠰᠢᠲᠠᠢ ᠦᠷᠨᠢᠭᠦᠯᠬᠦ ᠳᠤ ᠬᠠᠪᠰᠤᠷᠤᠯᠭ᠎ᠠ ᠦᠵᠡᠭᠦᠯᠵᠦ ᠴᠢᠳᠠᠳᠠᠭ᠃              ︽ᠪᠡᠯᠴᠢᠭᠡᠷ ᠤᠨ ᠤᠷᠠᠨ ᠡᠵᠡᠩᠨᠡᠯᠳᠡ︾ APP ᠨᠢ ᠨᠢᠭᠡᠨᠳᠡ  ᠤᠯᠤᠰ   ᠤᠨ  ᠰᠤᠹᠲ  ᠵᠣᠬᠢᠶᠠᠬᠤ  ᠡᠷᠬᠡ  ᠲᠠᠢ‌‍ᠪᠤᠯᠵᠦ᠂ ᠤᠳᠤᠬᠠᠨ ᠳᠤ ᠮᠥᠨ ᠯᠡ ᠳᠤᠷᠰᠢᠨ  ᠬᠡᠷᠡᠭᠯᠡᠬᠦ  ᠬᠤᠭᠤᠴᠠᠭᠠᠨ   ᠳᠠᠭᠠᠨ  ᠪᠤᠢ᠃  ᠬᠡᠷᠡᠭᠯᠡᠭᠴᠢ   ᠶᠢᠨ  ᠨᠡᠮᠡᠭᠳᠡᠯ  ᠪᠠ‌ᠦᠨᠳᠦᠰᠥᠨ ᠳᠤᠭ᠎ᠠ ᠪᠠᠷᠢᠮᠳᠠ ᠶᠢᠨ ᠰᠠᠩ ᠤᠨ ᠡᠯᠪᠡᠭᠵᠢᠭᠦ ᠶᠢ ᠳᠠᠭᠠᠯᠳᠤᠨ᠂ ᠲᠤᠬᠠᠢ ᠶᠢᠨ ᠰᠤᠹᠲ ᠨᠢ ᠤᠯᠠᠮ  ᠳᠡᠭᠦᠯᠳᠡᠷᠵᠢᠨ‌‍ᠰᠠᠶᠢᠵᠢᠷᠠᠬᠤ ᠨᠢ ᠭᠠᠷᠴᠠᠭ᠎ᠠ ᠦᠭᠡᠢ ᠪᠢᠯᠡ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠷᠠᠳᠢᠣ᠋ ᠰᠥᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ