ᠬᠥᠬᠡᠬᠤᠲᠠ ᠶᠢᠨ ᠬᠤᠶᠠᠷ ᠣᠷᠭᠤᠳᠤᠤᠯ ᠬᠠᠥᠯᠢ ᠶᠢᠨ ᠲᠣᠣᠷ ᠲᠤ ᠣᠷᠣᠪᠠ
ᠨᠡᠶᠢᠲᠡᠯᠡᠭᠰᠡᠨ ᠴᠠᠭ᠄
2019/5/29
     ᠰᠢᠨᠬᠤᠸᠠ ᠰᠦᠯᠵᠢᠶᠡᠨ ᠤ ᠬᠥᠬᠡᠬᠤᠲᠠ ᠶᠢᠨ 5 ᠰᠠᠷ᠎ᠠ ᠶᠢᠨ 24 ᠤ ᠡᠳᠦᠷ ᠤᠨ ᠮᠡᠳᠡᠭᠡ 17 ᠵᠢᠯ ᠤᠨ  ᠣᠷᠭᠤᠨ‌‍ᠲ᠋ᠤᠲᠠᠭᠠᠭᠰᠠᠨ ᠰᠦᠩ ᠰᠢᠶᠠᠨ ᠶᠦᠩ 5 ᠰᠠᠷ᠎ᠠ ᠶᠢᠨ 13 ᠤ ᠡᠳᠦᠷ ᠾᠧᠪᠧᠢ ᠮᠤᠵᠢ ᠶᠢᠨ ᠲᠠᠩᠱᠠᠨ ᠬᠤᠲᠠ ᠳᠤ ᠬᠠᠤᠯᠢ ᠵᠢᠨ‌‍ᠲ᠋ᠤᠤᠷ ᠲᠤ ᠤᠨᠠᠪᠠ᠂ 22 ᠵᠢᠯ ᠳᠤᠲᠠᠭᠠᠭᠰᠠᠨ ᠾᠧ ᠰᠢᠶᠣᠤ ᠳ᠋ᠦᠩ ᠴᠦ ᠲᠤᠰ ᠡᠳᠦᠷ ᠬᠥᠯᠥᠨ ᠪᠤᠶᠢᠷ ᠬᠤᠳᠠ ᠶᠢᠨ ᠬᠠᠶᠢᠯᠠᠷ‌‍ᠲ᠋ᠣᠭᠤᠷᠢᠭ ᠲᠤ ᠬᠠᠤᠯᠢ ᠲᠣᠣᠷ ᠲᠤ ᠤᠨᠠᠵᠠᠢ᠃ ᠣᠨ ᠵᠢᠯ ᠤᠳᠠᠵᠤ᠂ ᠬᠡᠷᠡᠭ ᠲᠤ ᠬᠤᠯᠪᠣᠭᠳᠠᠭᠰᠠᠨ ᠵᠣᠭᠤᠰ ᠤᠨ ᠲᠤᠭ᠎ᠠ  ᠴᠤ᠋‌‍ᠶᠡᠭᠡ  ᠪᠢᠰᠢ  ᠪᠣᠯᠬᠤᠷ  ᠬᠠᠤᠯᠢ   ᠪᠠᠷ  ᠨᠡᠬᠡᠮᠵᠢᠯᠡᠭᠳᠡᠬᠦ  ᠦᠭᠡᠢ  ᠭᠡᠰᠡᠨ  ᠲᠡᠳᠡᠨ   ᠤ   ︽ᠬᠤᠭᠤᠰᠤᠨ   ᠵᠡᠭᠦᠳᠦ︾   ᠨᠢ‌ᠢᠩᠬᠢᠬᠡᠳ‌ᠵᠠᠮᠬᠠᠷᠠᠵᠠᠢ᠃              2002 ᠣᠨ ᠳᠤ᠂ ᠳᠤᠮᠳᠠᠳᠤ ᠤᠯᠤᠰ ᠤᠨ ᠠᠮᠢ ᠨᠠᠰᠤᠨ ᠤ ᠳᠠᠭᠠᠳᠬᠠᠯ ᠤᠨ ᠥᠪᠥᠷ ᠮᠣᠩᠭᠤᠯ ᠳᠠᠬᠢ ᠬᠤᠪᠢᠶᠠᠷᠢ‌‍ᠺᠣᠮᠫᠠᠨᠢ ᠶᠢᠨ ᠠᠵᠢᠯᠲᠠᠨ ᠪᠠᠶᠢᠭᠰᠠᠨ ᠰᠦᠩ ᠰᠢᠶᠠᠨ ᠶᠦᠩ ᠬᠤᠪᠢ ᠶᠢᠨ ᠬᠦᠰᠡᠯ ᠠᠴᠠ ᠪᠣᠯᠵᠤ᠂  1.2777  ᠲᠦᠮᠡᠨ‌‍ᠲ᠋ᠥ᠋ᠭᠦᠷᠢᠭ ᠤᠨ ᠳᠠᠭᠠᠳᠬᠠᠯ ᠤᠨ ᠮᠥᠩᠭᠦ ᠶᠢ ᠱᠠᠮᠰᠢᠭᠰᠠᠨ ᠶᠠᠪᠤᠳᠠᠯ ᠢ ᠬᠡᠷᠡᠭ  ᠪᠣᠯᠭᠠᠨ  ᠳᠠᠩᠰᠠᠯᠠᠵᠤ  ᠲᠠᠩᠨᠠᠨ  ᠪᠠᠶᠢᠴᠠᠭᠠᠪᠠ᠃1997 ᠣᠨ ᠳᠤ᠂ ᠳᠤᠮᠳᠠᠳᠤ ᠤᠯᠤᠰ ᠤᠨ ᠡᠯᠧᠺᠲᠷᠣᠨ ᠭᠠᠳᠠᠭᠠᠳᠤ ᠣᠷᠣᠭᠤᠯᠤᠯᠲᠠ ᠭᠠᠷᠭᠠᠯᠲᠠ   ᠶᠢᠨ  ᠥᠪᠥᠷ  ᠮᠣᠩᠭᠤᠯ‌‍ᠳᠡᠬᠢ ᠬᠤᠪᠢᠶᠠᠷᠢ ᠺᠣᠮᠫᠠᠨᠢ ᠶᠢᠨ ᠲᠤᠬᠠᠶᠢᠯᠠᠭᠰᠠᠨ ᠠᠵᠢᠯ ᠤᠨ ᠠᠵᠢᠯᠲᠠᠨ ᠪᠠᠶᠢᠭᠰᠠᠨ ᠾᠧ ᠰᠢᠶᠣᠤ ᠳ᠋ᠦᠩ ᠺᠣᠮᠫᠠᠨᠢ ᠶᠢᠨ  9.9 ᠲᠦᠮᠡᠨ ᠲᠥᠭᠦᠷᠢᠭ ᠤᠨ ᠥᠷᠲᠡᠭ ᠪᠦᠬᠦᠢ ᠡᠳ᠋ ᠬᠤᠭᠰᠢᠯ ᠢ ᠬᠤᠪᠢᠨ ᠳᠠᠭᠠᠨ  ᠡᠵᠡᠯᠡᠵᠦ  ᠠᠪᠤᠭᠰᠠᠨ  ᠪᠠᠶᠢᠨ᠎ᠠ᠃  ᠬᠠᠤᠯᠢ‌‍ᠴᠠᠭᠠᠵᠠ ᠪᠠᠷ ᠰᠢᠳᠭᠡᠭᠳᠡᠬᠦ ᠠᠴᠠ ᠠᠶᠤᠵᠤ᠂ ᠤᠤᠯ ᠤᠨ ︽ᠴᠠᠭᠠᠨ ᠵᠠᠭᠠᠮᠠᠳᠠᠨ︾ ᠰᠦᠩ ᠰᠢᠶᠠᠨ ᠶᠦᠩ ᠣᠯᠠᠨ  ᠭᠠᠵᠠᠷ  ᠵᠶ᠋ᠠᠷ‌‍ᠲ᠋ᠣᠭᠤᠷᠢᠵᠤ᠂ ᠪᠠᠷᠠᠭ᠎ᠠ ᠲᠡᠭᠡᠭᠡᠪᠦᠷᠢ ᠶᠢᠨ ᠠᠵᠢᠯ ᠬᠢᠵᠦ᠂ ᠠᠮᠢ ᠵᠢᠭᠤᠵᠤ ᠠᠮᠢᠳᠤᠷᠠᠬᠤ   ᠳᠤ  ᠬᠠᠷᠢᠨ  ᠢᠳᠡᠷ  ᠨᠠᠰᠤᠨ ᠤ  ᠾᠧ‌‍ᠰᠢᠶᠣᠤ ᠳ᠋ᠦᠩ ᠭᠠᠭᠴᠠ ᠡᠬᠡ ᠲᠠᠢ ᠪᠠᠨ ᠬᠠᠮᠲᠤ ᠰᠠᠭᠤᠵᠤ ᠪᠠᠶᠢᠪᠠ᠃              ︽ᠲᠤᠰ ᠤᠳᠠᠭᠠᠨ ᠤ ᠣᠷᠭᠤᠳᠠᠯ ᠬᠡᠷᠡᠭᠲᠡᠨ ᠢ ᠨᠡᠬᠡᠮᠵᠢᠯᠡᠬᠦ ᠠᠵᠢᠯ ᠤᠨ ᠬᠦᠴᠢᠷᠳᠡᠯ ᠨᠡᠯᠢᠶᠡᠳ  ᠶᠡᠭᠡ᠂  ᠤᠴᠢᠷ  ᠨᠢ‌‍ᠰᠦ᠋ᠩ ᠰᠢᠶᠠᠨ ᠶᠦᠩ᠂ ᠾᠧ ᠰᠢᠶᠣᠤ ᠳ᠋ᠦᠩ ᠬᠡᠷᠡᠭ ᠭᠠᠷᠤᠭᠰᠠᠨ ᠤ ᠳᠠᠷᠠᠭ᠎ᠠ ᠣᠪᠣᠭ  ᠨᠡᠷ᠎ᠡ   ᠪᠠᠨ  ᠨᠢᠭᠤᠵᠤ᠂  ᠪᠡᠶ᠎ᠡ  ᠬᠡᠮ‌‍ᠦᠨ ᠢᠶᠠᠨ ᠮᠡᠳᠡᠭᠡ ᠵᠠᠩᠭᠢ ᠶᠢ ᠬᠡᠷᠡᠭᠯᠡᠬᠦ ᠠᠴᠠ ᠵᠣᠷᠢᠭᠤᠳᠠ ᠵᠠᠶᠢᠯᠠᠵᠤ᠂  ᠲᠤᠷᠰᠢᠨ  ᠪᠠᠶᠢᠴᠠᠭᠠᠬᠤ   ᠶᠢ  ᠡᠰᠡᠷᠭᠦᠴᠡᠬᠦ  ᠤᠬᠠᠮᠰᠠᠷ‌ᠨᠡᠯᠢᠶᠡᠳ ᠴᠢᠩᠭ᠎ᠠ ᠪᠠᠶᠢᠪᠠ᠃︾ ᠭᠡᠵᠦ ᠬᠡᠷᠡᠭ ᠰᠢᠶᠳᠪᠦᠷᠢᠯᠡᠬᠦ ᠠᠵᠢᠯᠲᠠᠨ ᠲᠠᠨᠢᠯᠴᠠᠭᠤᠯᠪᠠ᠃  ᠲᠡᠳᠡᠨ   ᠤ  ᠲᠠᠨᠢᠯᠴᠠᠭᠤᠯᠤᠭᠰᠠᠨ‌‍ᠢᠶ᠋ᠠᠷ᠂ ᠣᠷᠭᠤᠨ ᠳᠤᠲᠠᠭᠠᠭᠰᠠᠨ ᠾᠧ ᠰᠢᠶᠣᠤ ᠳ᠋ᠦᠩ᠂ ᠰᠦᠩ ᠰᠢᠶᠠᠨ ᠶᠦᠩ ᠢ ᠨᠡᠬᠡᠮᠵᠢᠯᠡᠬᠦ   ᠶᠢᠨ  ᠲᠥᠯᠥᠭᠡ᠂  ᠬᠥᠬᠡᠬᠤᠲᠠ‌‍ᠶᠢᠨ ᠬᠤᠶᠠᠷ ᠱᠠᠲᠤᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ  ᠳᠣᠲᠣᠭᠠᠳᠤ   ᠶᠢ  ᠬᠠᠮᠠᠭᠠᠯᠠᠬᠤ‌‍ᠪᠠᠶᠢᠭᠤᠯᠭ᠎ᠠ ᠲᠠᠢ ᠬᠠᠮᠲᠤᠷᠠᠨ ᠲᠤᠰᠬᠠᠶ ᠬᠡᠷᠡᠭ ᠤᠨ ᠳᠤᠭᠤᠶᠢᠯᠠᠩ ᠪᠠᠶᠢᠭᠤᠯᠵᠤ᠂ ᠨᠢᠭᠡ ᠲᠠᠯ᠎ᠠ ᠪᠠᠷ ᠬᠡᠷᠡᠭ ᠤᠨ ᠡᠪᠬᠡᠮᠡᠯ ᠢ ᠣᠯᠠᠨ‌ᠤᠳᠠᠭ᠎ᠠ ᠡᠮᠬᠢᠯᠡᠨ ᠳᠢᠭᠯᠡᠵᠦ᠂ ᠬᠤᠶᠠᠭᠤᠯᠠ ᠶᠢᠨ ᠦᠰᠦᠨ ᠪᠣᠶᠢᠵᠢᠭᠰᠠᠨ ᠥᠩᠭᠡᠷᠡᠯᠲᠡ ᠪᠠ  ᠵᠠᠩ  ᠴᠢᠨᠠᠷ ᠤᠨ  ᠣᠨᠴᠠᠯᠢᠭ  ᠢ‌ᠣᠶᠢᠯᠠᠭᠠᠪᠠ︔ ᠨᠥᠬᠦᠭᠡ ᠲᠠᠯ᠎ᠠ ᠪᠠᠷ ᠰᠤᠳᠤᠯᠤᠨ ᠮᠠᠭᠠᠳᠯᠠᠬᠤ ᠬᠠᠮᠵᠢᠨ ᠪᠠᠶᠢᠴᠠᠭᠠᠬᠤ ᠠᠵᠢᠯ   ᠢ  ᠢᠳᠡᠪᠬᠢᠲᠡᠶ  ᠥᠷᠨᠢᠭᠦᠯᠵᠦ᠂ᠬᠡᠷᠡᠭ ᠭᠠᠷᠤᠭᠰᠠᠨ ᠤ ᠳᠠᠷᠠᠭᠠᠬᠢ ᠦᠢᠯᠡ ᠠᠵᠢᠯᠯᠠᠭ᠎ᠠ ᠶᠢᠨ ᠤᠯᠡ ᠮᠥᠷ ᠢ ᠨᠢ  ᠵᠢᠷᠤᠭᠯᠠᠵᠤ᠂  ᠪᠣᠯᠤᠯᠴᠠᠭ᠎ᠠ  ᠪᠦᠬᠦᠢ  ᠦᠷ᠎ᠡ‌‍ᠳᠦ᠋ᠩ ᠢ ᠨᠢ ᠲᠤᠬᠠᠶ ᠶᠢᠨ ᠭᠠᠵᠠᠷ ᠲᠤᠨᠢ ᠲᠤᠷᠰᠢᠨ ᠪᠠᠶᠢᠴᠠᠭᠠᠪᠠ︔ ᠡᠭᠦᠨ ᠤ ᠬᠠᠮᠲᠤ ᠲᠣᠮᠣ ᠳ᠋ᠠᠶᠢᠲ᠋ᠠ ᠶᠢᠨ ᠲᠤᠯᠭᠠᠭᠤᠷᠢᠯᠠᠯ  ᠢ‌ᠢᠳᠡᠪᠬᠢᠲᠡᠢ ᠠᠰᠢᠭᠯᠠ ᠰᠤᠳᠤᠯᠤᠨ ᠮᠠᠭᠠᠳᠯᠠᠵᠤ ᠵᠠᠳᠠᠯᠤᠨ ᠰᠢᠨᠵᠢᠯᠡᠵᠦ᠂ ᠡᠴᠦᠰ ᠲᠡᠭᠡᠨ ᠬᠤᠶᠠᠷ ᠬᠥᠮᠦᠨ ᠢ ᠪᠠᠷᠢᠪᠴᠢᠯᠠᠪᠠ᠃  
ᠢᠷᠡᠯᠲᠡ᠄ ᠠᠷᠠᠳ ᠤᠨ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ