ᠬᠦᠬᠡᠬᠤᠳᠠ ᠶᠢᠨ ᠮᠧᠲᠷᠣ᠋ 1 ᠨᠤᠮᠧᠷᠳᠤ ᠱᠤᠭᠤᠮ ᠤᠨ ᠤᠯᠠᠨ ᠲᠦᠷᠦᠯ ᠤᠨ ᠠᠵᠢᠯ ᠨᠢ ᠬᠢᠨᠠᠨ ᠰᠢᠯᠭᠠᠯᠳᠠ ᠶᠢ ᠬᠦᠯᠢᠶᠡᠭᠰᠡᠨ ᠪᠦᠬᠡᠳ ᠤᠭᠰᠠᠷᠠᠨ ᠲᠤᠬᠢᠷᠠᠭᠤᠯᠵᠤ ᠲᠠᠭᠤᠰᠬᠠᠪᠠ
ᠨᠡᠶᠢᠲᠡᠯᠡᠭᠰᠡᠨ ᠴᠠᠭ᠄
2019/5/29
      26 ᠤ ᠡᠳᠤᠷ᠂ ᠰᠤᠷᠪᠤᠯᠵᠢᠯᠠᠭᠴᠢ ᠬᠦᠬᠡᠬᠤᠳᠠ ᠶᠢᠨ ᠮᠧᠲᠷᠣ᠋ 1 ᠨᠤᠮᠧᠷᠳᠤ ᠶᠢᠨ ᠪᠠᠶᠢᠭᠤᠯᠤᠯᠳᠠ ᠶᠢᠨ ᠬᠡᠯᠳᠡᠰ ᠠᠴᠠ ᠤᠶᠢᠯᠠᠭᠠᠭᠰᠠᠨ ᠢᠶᠠᠷ᠂ ᠮᠧᠲᠷᠦ‍ ᠨᠢᠬᠡ ᠨᠤᠮᠧᠷᠳᠤ ᠱᠤᠭᠤᠮ ᠤᠨ ᠨᠢᠬᠡᠳᠤᠭᠡᠷ ᠬᠤᠭᠤᠴᠠᠭᠠᠨ ᠤ ᠢᠨᠵᠧᠨᠧᠷᠢᠩ ᠤᠨ 01 ᠬᠡᠰᠡᠭ ᠤᠨ ᠭᠤᠷᠪᠠᠨ ᠦᠷᠳᠡᠭᠡ ᠭᠤᠷᠪᠠᠨ ᠠᠶᠠᠯᠠᠬᠤ ᠪᠦᠰᠡ ᠶᠢᠨ ᠬᠠᠷᠢᠶᠠᠳᠤ ᠪᠦᠲᠦᠴᠡ ᠨᠢ ᠬᠢᠨᠠᠨ ᠰᠢᠯᠭᠠᠯᠳᠠ ᠶᠢ ᠠᠮᠵᠢᠯᠳᠠ ᠲᠠᠢ ᠦᠩᠬᠡᠷᠡᠭᠡᠪᠠ᠃ ᠡᠨᠡ ᠨᠢ ᠮᠧᠲᠷᠦ‍ ᠨᠢᠬᠡ ᠨᠤᠮᠧᠷᠳᠤ ᠱᠤᠭᠤᠮ ᠤᠨ ᠨᠢᠬᠡᠳᠤᠭᠡᠷ ᠬᠤᠭᠤᠴᠠᠭᠠᠨ ᠤ ᠢᠨᠵᠧᠨᠧᠷᠢᠩ ᠤᠨ 01 ᠬᠡᠰᠡᠭ ᠤᠨ ᠭᠤᠤᠯ ᠪᠦᠳᠦᠴᠡ ᠶᠢᠨ ᠠᠵᠢᠯ ᠠᠮᠵᠢᠯᠳᠠᠲᠠᠢ ᠲᠠᠭᠤᠰᠤᠭᠰᠠᠨ ᠢ ᠬᠠᠷᠠᠭᠤᠯᠵᠤ ᠪᠤᠢ᠃ ᠡᠬᠦᠨ ᠠᠴᠠ ᠭᠠᠳᠠᠨ᠎ᠠ᠂ ᠮᠧᠲᠷᠦ‍ ᠨᠢᠬᠡ ᠨᠤᠮᠧᠷᠳᠤ ᠱᠤᠭᠤᠮ ᠤᠨ ᠰᠤᠷᠠᠭ ᠵᠠᠩᠬᠢ ᠶᠢᠨ ᠲᠤᠨᠤᠭ ᠲᠦᠭᠦᠭᠡᠷᠦᠮᠵᠢ ᠶᠢ ᠨᠢ ᠨᠢᠬᠡᠨᠳᠡ ᠪᠦᠬᠦᠨ ᠢ ᠤᠭᠰᠠᠷᠴᠤ ᠲᠠᠭᠤᠰᠬᠠᠪᠠ᠃
ᠢᠷᠡᠯᠲᠡ᠄ ᠬᠥᠬᠡᠬᠤᠲᠠ ᠶᠢᠨ ᠣᠷᠣᠢ ᠶᠢᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ