ᠡᠷᠳᠡᠨᠢ ᠰᠢᠰᠢ ᠶᠢᠨ ᠨᠠᠩᠬᠢ ᠬᠤᠷᠤᠬᠠᠢ ᠶᠢ ᠢᠯᠭᠠᠨ ᠲᠠᠨᠢᠬᠤ ᠪᠠ ᠰᠡᠷᠭᠡᠶᠢᠯᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2019-05-27
      ᠬᠡᠯᠪᠡᠷᠢ ᠳᠥᠷᠰᠤ ᠶᠢᠨ ᠤᠨᠴᠠᠯᠢᠭ᠄ ᠪᠡᠶᠡᠵᠢᠭᠰᠡᠨ ᠬᠤᠷᠤᠬᠠᠢ ᠭᠥᠢᠬᠡᠨ ᠰᠢᠷ᠎ᠠ ᠬᠥᠷᠡᠩ ᠥᠡᠭᠭᠡ ᠲᠠᠢ᠂ ᠲᠡᠮᠲᠡᠷᠢᠭᠦᠯ ᠨᠢ ᠰᠢᠷᠬᠡᠭᠯᠢᠭ ᠬᠡᠯᠪᠡᠷᠢᠲᠠᠢ᠂ ᠡᠮᠤᠨ᠎ᠡ ᠳᠠᠯᠠᠪᠴᠢ ᠶᠢᠨ ᠲᠥᠪ ᠳᠤᠮᠳᠠ ᠨᠢ ᠲᠤᠭᠤᠷᠢᠭ ᠬᠡᠯᠪᠡᠷᠢᠲᠠᠢ ᠭᠥᠢᠬᠡᠨ ᠰᠢᠷ᠎ᠠ ᠲᠤᠯᠪᠤ ᠪᠤᠶᠤ ᠵᠢᠵᠢᠭ ᠴᠠᠭᠠᠨ ᠲᠤᠰᠤᠯ ᠲᠠᠢ᠂ ᠲᠡᠭᠦᠨ ᠤ ᠬᠤᠶᠠᠷ ᠲᠠᠯ᠎ᠠ ᠳᠤ ᠲᠤᠰᠪᠤᠷᠢ ᠨᠢᠭᠡ ᠪᠢᠴᠢᠬᠠᠨ ᠬᠠᠷ᠎ᠠ ᠲᠤᠰᠤᠯ ᠲᠠᠢ᠂ ᠬᠤᠶᠢᠲᠤ  ᠳᠠᠯᠠᠪᠴᠢ ᠶᠢᠨ ᠤᠭ ᠨᠢ ᠥᠨᠡᠰᠤᠨ ᠰᠠᠭᠠᠷᠠᠯ ᠥᠡᠭᠭᠡ ᠲᠠᠢ᠂ ᠥᠵᠥᠭᠦᠷ ᠤᠨ ᠬᠡᠰᠡᠭ ᠨᠢ ᠬᠥᠷᠡᠩ ᠬᠠᠷ᠎ᠠ  ᠥᠡᠭᠭᠡ ᠲᠠᠢ᠃ ᠠᠪᠠᠭᠠᠯᠳᠠᠢ ᠶᠢᠨ ᠲᠤᠯᠤᠭᠠᠢ ᠨᠢ ᠰᠢᠷ᠎ᠠ ᠬᠥᠷᠡᠩ ᠥᠡᠭᠭᠡ ᠲᠠᠢ᠂ ᠬᠤᠶᠠᠷ ᠵᠤᠷᠪᠤᠰ ᠬᠢᠲᠠᠳ ᠤᠨ ︽ᠨᠠᠢᠮᠠ︾ ᠥᠰᠥᠭ ᠤᠨ ᠬᠡᠯᠪᠡᠷᠢ ᠶᠢᠨ ᠢᠷᠠᠯᠵᠢ ᠲᠠᠢ᠂ ᠲᠡᠭᠦᠨ ᠤ ᠳᠤᠮᠳᠠ ᠱᠤᠭᠤᠮ ᠨᠢ ᠴᠠᠭᠠᠨ ᠥᠡᠭᠭᠡ ᠲᠠᠢ᠂ ᠬᠠᠷᠢᠴᠠᠩᠭᠤᠢ ᠨᠠᠷᠢᠬᠠᠨ᠂ ᠬᠥᠪᠡᠭᠡ ᠪᠠᠷ ᠨᠢ ᠨᠠᠷᠢᠬᠠᠨ ᠬᠠᠷ᠎ᠠ ᠱᠤᠭᠤᠮ ᠤᠷᠢᠶᠠᠨ᠎ᠠ᠂ ᠨᠢᠷᠤᠭᠤᠨ ᠤ ᠭᠤᠤᠯᠤᠪᠴᠢ ᠨᠢ ᠬᠥᠬᠡ ᠥᠡᠭᠭᠡ ᠲᠠᠢ᠂ ᠬᠥᠪᠡᠭᠡᠨ ᠤ ᠱᠤᠭᠤᠮ ᠨᠢ ᠴᠠᠭᠠᠨ ᠥᠡᠭᠭᠡ ᠲᠠᠢ᠂ ᠬᠡᠪᠡᠯᠢ ᠶᠢᠨ ᠬᠡᠰᠡᠭ ᠨᠢ ᠨᠡᠶᠢᠲᠡ 10 ᠥᠶ᠎ᠡ ᠲᠠᠢ᠂ 3 ~ 6 ᠳ᠋ᠤᠭᠠᠷ ᠥᠶ᠎ᠡ ᠲᠡᠭᠡᠷ᠎ᠡ ᠨᠢ ᠲᠤᠰᠪᠤᠷᠢ ᠨᠢᠭᠡ ᠬᠤᠤᠰ ᠬᠡᠪᠡᠯᠢ ᠬᠥᠯ ᠲᠠᠢ᠂ ᠬᠡᠪᠡᠯᠢ ᠬᠥᠯ ᠪᠠ ᠰᠡᠭᠦᠯ ᠬᠥᠯ ᠤᠨ ᠭᠠᠳᠠᠷ ᠲᠠᠯ᠎ᠠ ᠳᠤ ᠡᠷᠢᠶᠡᠨ ᠵᠤᠷᠪᠤᠰ ᠲᠠᠢ᠃ ᠠᠪᠠᠭᠠᠯᠳᠠᠢ ᠶᠢᠨ ᠪᠡᠶ᠎ᠡ ᠶᠢᠨ ᠥᠡᠭᠭᠡ ᠨᠢ ᠢᠳᠡᠭᠡᠨ ᠤ  ᠵᠥᠢᠯ᠂ ᠤᠷᠴᠢᠨ ᠲᠤᠭᠤᠷᠢᠨ ᠪᠠ ᠬᠤᠷᠤᠬᠠᠢ ᠰᠢᠪᠠᠵᠢ ᠶᠢᠨ ᠨᠢᠭᠲᠠᠴᠠ ᠠᠳᠠᠯᠢ ᠥᠭᠡᠢ ᠠᠴᠠ ᠪᠤᠯᠵᠤ ᠪᠠᠰᠠ ᠬᠤᠪᠢᠷᠠᠯᠲᠠ ᠲᠠᠢ ᠪᠠᠶᠢᠳᠠᠭ᠃        ᠡᠪᠡᠳᠴᠢᠯᠡᠬᠦ ᠵᠢᠮ᠎ᠡ ᠶᠤᠰᠤ᠄ ᠨᠠᠩᠬᠢ ᠬᠤᠷᠤᠬᠠᠢ ᠬᠠᠷ᠎ᠠ ᠭᠡᠷᠡᠯᠲᠤ ᠳ᠋ᠧᠩ ᠪᠠ ᠰᠢᠬᠢᠷ ᠼᠤᠤ ᠶᠢᠨ ᠰᠢᠩᠭᠡᠨ ᠳᠤ ᠴᠤᠭᠯᠠᠷᠠᠬᠤ ᠳᠤᠷᠠᠲᠠᠢ᠂ ᠤᠨᠠᠭᠰᠠᠨ ᠪᠤᠭᠤᠳᠠᠢ ᠶᠢᠨ ᠰᠢᠷᠠᠯᠠᠭᠰᠠᠨ ᠨᠠᠪᠴᠢ ᠪᠤᠶᠤ ᠨᠤᠭᠤᠭᠠᠨ ᠨᠠᠪᠴᠢ ᠶᠢᠨ ᠥᠵᠥᠭᠦᠷ ᠤᠨ ᠬᠡᠰᠡᠭ ᠲᠤ ᠥᠨᠳᠡᠭᠡᠯᠡᠨ᠎ᠡ᠃ ᠠᠪᠠᠭᠠᠯᠳᠠᠢ ᠶᠢᠨ ᠢᠳᠡᠬᠦ ᠬᠡᠮᠵᠢᠶ᠎ᠡ ᠨᠢ ᠠᠪᠠᠭᠠᠯᠳᠠᠢ ᠶᠢᠨ ᠶᠡᠬᠡᠰᠬᠦ ᠶᠢ ᠳᠠᠭᠠᠯᠳᠤᠨ ᠶᠡᠬᠡᠰᠤᠨ᠎ᠡ᠂ ᠬᠤᠤᠷᠳᠤ ᠬᠤᠷᠤᠬᠠᠢ᠂ ᠥᠶᠡᠳᠤ ᠤᠷᠭᠤᠮᠠᠯ ᠢ ᠢᠳᠡᠬᠦ ᠳᠤᠷᠠᠳᠠᠢ᠂ ᠪᠤᠭᠤᠳᠠᠢ ᠬᠤᠷᠢᠶᠠᠬᠤ ᠥᠶᠡᠰ ᠡᠷᠳᠡᠨᠢ ᠰᠢᠰᠢ᠂ ᠨᠠᠷᠢᠮᠤ᠂ ᠬᠤᠮᠠ ᠵᠡᠷᠭᠡ ᠲᠠᠷᠢᠮᠠᠯ ᠳᠤ ᠰᠢᠯᠵᠢᠨ᠎ᠡ᠃ ᠬᠥᠨᠥᠭᠡᠭᠳᠡᠭᠰᠡᠨ ᠤᠷᠭᠤᠮᠠᠯ ᠤᠨ ᠨᠠᠪᠴᠢ ᠨᠢ ᠢᠳᠡᠭᠳᠡᠭᠰᠡᠨ ᠤ ᠳᠠᠷᠠᠭ᠎ᠠ ᠵᠥᠪᠬᠡᠨ ᠡᠰᠢ ᠨᠢ ᠥᠯᠡᠳᠡᠨ᠎ᠡ᠃ ᠨᠠᠩᠬᠢ ᠬᠤᠷᠤᠬᠠᠢ ᠪᠤᠯ ᠬᠤᠯᠠ ᠭᠠᠵᠠᠷ ᠨᠡᠭᠦᠳᠡᠯᠯᠡᠨ ᠨᠢᠰᠬᠦ ᠬᠥᠨᠥᠭᠡᠯᠳᠤ ᠬᠤᠷᠤᠬᠠᠢ᠂ ᠥᠨᠳᠥᠷ ᠳᠤᠯᠠᠭᠠᠨ ᠭᠠᠩ ᠬᠠᠭᠤᠷᠠᠢ ᠨᠥᠭᠦᠴᠡᠯ ᠲᠡᠭᠦᠨ ᠤ ᠥᠰᠥᠯᠳᠠ ᠳᠤ ᠠᠰᠢᠭ ᠥᠭᠡᠢ᠃      ᠰᠡᠷᠭᠡᠶᠢᠯᠡᠨ ᠵᠠᠰᠠᠬᠤ ᠠᠷᠭ᠎ᠠ᠄ 1. ᠲᠠᠷᠢᠶᠠᠯᠠᠩ ᠢᠶᠠᠷ ᠰᠡᠷᠭᠡᠶᠢᠯᠡᠬᠦ᠄ ᠲᠠᠷᠢᠶᠠᠨ ᠭᠠᠵᠠᠷ ᠤᠨ ᠡᠷᠳᠡᠨᠢ ᠰᠢᠰᠢ ᠶᠢᠨ ᠡᠰᠢ ᠰᠥᠷᠡᠯ ᠢ ᠴᠡᠪᠡᠷᠯᠡᠨ ᠠᠷᠢᠯᠭᠠᠵᠤ᠂ ᠲᠥᠯᠡᠭᠡ ᠲᠥᠯᠡᠰᠢ ᠪᠤᠯᠭᠠᠬᠤ ᠪᠤᠶᠤ ᠪᠤᠷᠳᠤᠭᠤᠷ ᠪᠤᠯᠭᠠᠵᠤ᠂ ᠡᠰᠢ ᠰᠥᠷᠡᠯ ᠳᠡᠭᠡᠷ᠎ᠡ ᠨᠢᠭᠤᠭᠳᠠᠵᠤ ᠪᠠᠶᠢᠭ᠎ᠠ ᠬᠥᠷᠢ ᠬᠤᠷᠤᠬᠠᠢ ᠶᠢ ᠡᠷᠲᠡᠬᠡᠨ ᠠᠷᠢᠯᠭᠠᠨ᠎ᠠ᠃ ᠵᠤᠬᠢᠰᠲᠠᠢ ᠡᠭᠡᠯᠵᠢᠯᠡᠨ ᠲᠠᠷᠢᠨ᠎ᠠ᠂ ᠵᠠᠯᠭᠠᠨ ᠲᠠᠷᠢᠵᠤ ᠪᠤᠯᠬᠤ ᠥᠭᠡᠢ᠂ ᠭᠥᠢᠬᠡᠨ ᠬᠠᠭᠠᠯᠪᠤᠷᠢᠯᠠᠵᠤ ᠭᠤᠤᠷᠰᠤ ᠶᠢ ᠨᠢ ᠴᠡᠪᠡᠷᠯᠡᠵᠤ᠂ ᠪᠡᠶᠡᠵᠢᠭᠰᠡᠨ ᠬᠤᠷᠤᠬᠠᠢ ᠪᠤᠯᠬᠤ ᠨᠤᠷᠮ᠎ᠠ ᠶᠢ ᠪᠠᠭᠠᠰᠬᠠᠨ᠎ᠠ᠃ ᠨᠠᠩᠬᠢ ᠬᠤᠷᠤᠬᠠᠢ ᠶᠢᠨ ᠠᠪᠠᠭᠠᠯᠳᠠᠢ ᠡᠭᠦᠰᠬᠦ ᠥᠶᠡᠰ ᠲᠠᠷᠢᠶ᠎ᠠ ᠲᠠᠩᠨᠠᠬᠤ ᠪᠠ ᠠᠷᠴᠢᠬᠤ ᠪᠠᠷ ᠳᠠᠮᠵᠢᠨ ᠠᠪᠠᠭᠠᠯᠳᠠᠢ ᠶᠢ ᠬᠥᠷᠥᠰᠤᠨ ᠳᠤᠤᠷ᠎ᠠ ᠪᠤᠯᠠᠵᠤ ᠠᠷᠢᠯᠭᠠᠨ᠎ᠠ᠂ ᠡᠭᠦᠨ ᠤ ᠬᠠᠮᠲᠤ ᠪᠠᠰᠠ ᠲᠠᠷᠢᠶᠠᠨ ᠭᠠᠵᠠᠷ ᠤᠨ ᠬᠥᠷᠥᠰᠥᠨ ᠤ ᠴᠢᠭᠢᠭ ᠢ ᠳᠤᠷᠤᠭᠰᠢᠯᠠᠭᠤᠯᠵᠤ᠂ ᠠᠪᠠᠭᠠᠯᠳᠠᠢ ᠶᠢᠨ ᠥᠬᠦᠬᠦ ᠨᠤᠷᠮ᠎ᠠ ᠶᠢ ᠳᠡᠭᠡᠭᠰᠢᠯᠡᠭᠦᠯᠥᠨ᠎ᠡ᠃ 2. ᠹᠢᠽᠢᠺ ᠤᠨ ᠰᠡᠷᠭᠡᠶᠢᠯᠡᠯᠲᠡ᠄ ᠨᠠᠩᠬᠢ ᠬᠤᠷᠤᠬᠠᠢ ᠶᠢ ᠬᠠᠷ᠎ᠠ ᠭᠡᠷᠡᠯᠲᠤ ᠳ᠋ᠧᠩ ᠢᠶᠠᠷ ᠥᠳᠥᠭᠡᠨ ᠠᠯᠠᠬᠤ  ᠪᠤᠶᠤ ᠰᠢᠬᠢᠷ ᠼᠤᠤ ᠶᠢᠨ ᠰᠢᠩᠭᠡᠨ ᠢᠶᠠᠷ ᠥᠳᠥᠭᠡᠨ ᠠᠯᠠᠵᠤ ᠪᠤᠯᠤᠨ᠎ᠠ᠂ ᠠᠷᠢᠬᠢ᠂ ᠤᠰᠤ᠂ ᠰᠢᠬᠢᠷ᠂ ᠼᠤᠤ ᠶᠢ 1᠄ 2᠄ 3᠄ 4 ᠶᠢᠨ ᠬᠠᠷᠢᠴᠠᠯ ᠢᠶᠠᠷ ᠬᠤᠯᠢᠵᠤ᠂ ᠳᠡᠭᠡᠷ᠎ᠡ ᠨᠢ ᠪᠠᠭ᠎ᠠ ᠬᠡᠮᠵᠢᠶᠡᠨ ᠤ ᠳ᠋ᠢᠪᠠᠶᠢᠴᠥ᠋ᠩ ᠨᠡᠮᠡᠵᠤ᠂ ᠫᠧᠩᠰᠡᠨ ᠲᠤᠲᠤᠷ᠎ᠠ ᠲᠠᠯᠪᠢᠵᠤ᠂ ᠤᠷᠤᠢ ᠪᠤᠯᠭᠠᠨ ᠲᠠᠷᠢᠶᠠᠨ ᠬᠥᠪᠡᠭᠡ ᠠᠴᠠ 1 ᠮᠧᠳ᠋ᠷ ᠬᠤᠯᠠ ᠲᠠᠯᠪᠢᠨ᠎ᠠ᠂ ᠥᠷᠯᠥᠭᠡ ᠳᠡᠭᠡᠨ ᠠᠪᠴᠢᠷᠠᠵᠤ ᠠᠮᠠᠰᠠᠷ ᠢ ᠨᠢ ᠪᠥᠲᠥᠭᠡᠵᠤ ᠥᠳᠥᠭᠡᠬᠦ ᠰᠢᠩᠭᠡᠨ ᠤ ᠠᠭᠤᠷᠰᠢᠬᠤ ᠠᠴᠠ ᠰᠡᠷᠭᠡᠶᠢᠯᠡᠨ᠎ᠡ᠃ 2 ~ 3 ᠡᠳᠤᠷ ᠤᠨ ᠲᠤᠲᠤᠷ᠎ᠠ ᠨᠢᠭᠡ ᠤᠳᠠᠭ᠎ᠠ ᠥᠳᠥᠭᠡᠬᠦ ᠰᠢᠩᠭᠡᠨ ᠨᠡᠮᠡᠨ᠎ᠡ᠃ 5 ᠡᠳᠤᠷ ᠪᠤᠯᠪᠠᠯ ᠨᠢᠭᠡ ᠤᠳᠠᠭ᠎ᠠ ᠰᠤᠯᠢᠨ᠎ᠠ᠃ ᠡᠭᠦᠨ ᠠᠴᠠ ᠭᠠᠳᠠᠨ᠎ᠠ ᠪᠠᠰᠠ ᠤᠷᠲᠤ ᠨᠢ 2 ᡂᠢ᠂ ᠳ᠋ᠢᠶᠠᠮᠧᠲᠷ ᠨᠢ 3 ᠢᠮᠠᠬᠤ ᠲᠤᠲᠤᠷᠭ᠎ᠠ ᠶᠢᠨ ᠰᠥᠷᠡᠯ ᠢ ᠰᠤᠯᠠ ᠤᠶᠠᠵᠤ ᠡᠷᠳᠡᠨᠢ ᠰᠢᠰᠢ ᠪᠤᠶᠤ ᠲᠤᠲᠤᠷᠭᠠᠨ ᠲᠠᠷᠢᠶᠠᠨ ᠳᠤ ᠬᠠᠳᠬᠤᠵᠤ ᠲᠠᠯᠪᠢᠨ᠎ᠠ᠂ ᠵᠠᠪᠠᠯ ᠲᠠᠷᠢᠶᠠᠨ ᠠᠴᠠ ᠥᠨᠳᠥᠷ ᠪᠠᠶᠢᠬᠤ ᠬᠡᠷᠡᠭᠲᠠᠢ᠃ 5 ~ 7 ᠡᠳᠤᠷ ᠪᠤᠯᠪᠠᠯ ᠨᠢᠭᠡ ᠤᠳᠠᠭ᠎ᠠ ᠰᠤᠯᠢᠵᠤ᠂ ᠰᠤᠯᠢᠵᠤ ᠪᠠᠭᠤᠯᠭᠠᠭᠰᠠᠨ ᠲᠤᠲᠤᠷᠭᠠᠨ ᠰᠥᠷᠡᠯ ᠢᠶᠠᠨ ᠰᠢᠲᠠᠭᠠᠵᠤ ᠬᠠᠶᠠᠨ᠎ᠠ᠂ ᠲᠤᠲᠤᠷᠭᠠᠨ ᠰᠥᠷᠡᠯ ᠳᠡᠭᠡᠷ᠎ᠡ ᠰᠢᠬᠢᠷ ᠼᠤᠤ ᠶᠢᠨ ᠰᠢᠩᠭᠡᠨ ᠰᠠᠴᠤᠪᠠᠯ ᠤᠢᠢᠯᠡᠳᠤᠯ ᠨᠢ ᠨᠡᠩ ᠰᠠᠶᠢᠨ ᠪᠠᠶᠢᠳᠠᠭ᠃    
 
ᠢᠷᠡᠯᠲᠡ᠄ ᠠᠯᠲᠠᠨ ᠬᠦᠷᠳᠦ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号