ᠬᠡᠯᠪᠡᠷᠢ ᠳᠥᠷᠰᠤ ᠶᠢᠨ ᠤᠨᠴᠠᠯᠢᠭ᠄ ᠡᠷᠳᠡᠨᠢ ᠰᠢᠰᠢ ᠶᠢᠨ ᠪᠠᠭᠠᠷᠠᠩ ᠬᠤᠷᠤᠬᠠᠢ ᠭᠥᠢᠬᠡᠨ ᠨᠤᠭᠤᠭᠠᠨ | ᠥᠡᠭᠭᠡ ᠲᠠᠢ᠂ ᠵᠤᠤᠪᠠᠩ ᠬᠡᠯᠪᠡᠷᠢᠲᠠᠢ ᠪᠤᠶᠤ ᠨᠠᠷᠢᠨ ᠤᠷᠲᠤ ᠬᠡᠯᠪᠡᠷᠢᠲᠠᠢ᠂ ᠲᠤᠯᠤᠭᠠᠢ ᠪᠠ ᠡᠪᠴᠢᠭᠦᠥ ᠨᠢ ᠬᠥᠷᠡᠩ | ᠬᠠᠷ᠎ᠠ ᠥᠡᠭᠭᠡ ᠲᠠᠢ᠃ ᠡᠷᠳᠡᠨᠢ ᠰᠢᠰᠢ ᠶᠢᠨ ᠪᠠᠭᠠᠷᠠᠩ ᠬᠤᠷᠤᠬᠠᠢ ᠤᠷᠭᠤᠮᠠᠯ ᠤᠨ ᠡᠷᠡᠭᠦᠯ ᠴᠢᠬᠢᠷᠠᠭ ᠢ | ᠨᠥᠯᠥᠭᠡᠯᠡᠬᠦ ᠪᠠᠷ ᠪᠠᠷᠠᠬᠤ ᠥᠭᠡᠢ ᠪᠠᠰᠠ ᠤᠷᠭᠤᠮᠠᠯ ᠤᠨ ᠨᠠᠪᠴᠢ ᠶᠢ ᠠᠲᠤᠷᠢᠭᠤᠯᠤᠨᠠ᠂ ᠨᠡᠩ ᠴᠢᠬᠤᠯᠠ ᠨᠢ ᠡᠷᠳᠡᠨᠢ | ᠰᠢᠰᠢ ᠶᠢᠨ ᠨᠠᠪᠴᠢᠨ ᠳᠡᠭᠡᠷ᠎ᠡ ᠸᠠᠯᠠᠭᠰᠠᠨ ᠪᠤᠬᠢᠷ ᠪᠤᠢ ᠪᠤᠯᠤᠨ᠎ᠠ᠂ ᠪᠠᠭᠠᠷᠠᠩ ᠬᠤᠷᠤᠬᠠᠢ ᠪᠠᠰᠠ ᠡᠪᠡᠳᠴᠢᠨ ᠤ ᠬᠤᠤᠷ | ᠳᠠᠮᠵᠢᠭᠤᠯᠬᠤ ᠠᠷᠭ᠎ᠠ ᠵᠠᠮ ᠮᠦᠨ᠃ | ᠡᠪᠡᠳᠴᠢᠯᠡᠬᠦ ᠵᠢᠮ᠎ᠡ ᠶᠤᠰᠤ᠄ ᠪᠠᠭᠠᠷᠠᠩ ᠬᠤᠷᠤᠬᠠᠢ ᠪᠤᠭᠤᠳᠠᠢ ᠶᠢᠨ ᠲᠥᠷᠥᠯ ᠪᠠ ᠡᠷᠲᠡ ᠪᠤᠯᠪᠠᠰᠤᠷᠠᠬᠤ | ᠥᠶᠡᠳᠤ ᠤᠷᠭᠤᠮᠠᠯ ᠤᠨ ᠨᠠᠪᠴᠢᠨ ᠲᠤᠲᠤᠷ᠎ᠠ ᠡᠪᠤᠯᠵᠢᠨ᠎ᠡ᠂ ᠬᠤᠶᠢᠲᠤ ᠵᠢᠯ ᠤᠨ 3 ~ 4 ᠰᠠᠷ᠎ᠠ ᠳᠤᠯᠠᠭᠠᠨ | ᠳᠡᠭᠡᠭᠰᠢᠯᠡᠬᠦ ᠥᠶ᠎ᠡ ᠳᠤ ᠡᠬᠢᠯᠡᠨ ᠬᠥᠳᠡᠯᠵᠤ ᠥᠷᠡᠵᠢᠨᠡ᠃ 6 ᠰᠠᠷ᠎ᠠ ᠶᠢᠨ ᠰᠡᠭᠦᠯᠴᠢ 7 ᠰᠠᠷ᠎ᠠ ᠶᠢᠨ ᠡᠬᠢᠨ ᠢᠶᠠᠷ | ᠡᠬᠢᠯᠡᠨ ᠥᠶᠡᠳᠤ ᠤᠷᠭᠤᠮᠠᠯ ᠤᠨ ᠪᠡᠶᠡᠨ ᠳᠡᠭᠡᠷ᠎ᠡ ᠠᠴᠠ ᠡᠷᠳᠡᠨᠢ ᠰᠢᠰᠢ ᠶᠢᠨ ᠳᠡᠭᠡᠷ᠎ᠡ ᠰᠢᠯᠵᠢᠨ᠎ᠠ᠂ 7 ᠰᠠᠷ᠎ᠠ ᠶᠢᠨ | ᠰᠡᠭᠦᠯᠴᠢ ᠪᠤᠯᠬᠤ ᠳᠤ ᠡᠷᠳᠡᠨᠢ ᠰᠢᠰᠢ ᠶᠢᠨ ᠳᠡᠭᠡᠷ᠎ᠡ ᠶᠡᠭᠡ ᠬᠡᠪᠴᠢᠶ᠎ᠡ ᠪᠠᠷ ᠰᠢᠯᠵᠢᠨ᠎ᠠ᠃ ᠡᠷ᠎ᠡ ᠲᠥᠷᠥᠭᠦᠥ | ᠪᠥᠭᠡᠯᠵᠢᠬᠦ ᠠᠴᠠ ᠡᠮᠤᠨ᠎ᠡ ᠡᠷᠳᠡᠨᠢ ᠰᠢᠰᠢ ᠶᠢᠨ ᠨᠠᠪᠴᠢ ᠶᠢ ᠬᠥᠨᠥᠭᠡᠨ᠎ᠡ᠂ 7 ᠰᠠᠷ᠎ᠠ ᠶᠢᠨ ᠰᠡᠭᠦᠯᠴᠢ 8 ᠰᠠᠷ᠎ᠠ ᠶᠢᠨ | ᠡᠬᠢᠨ ᠳᠤ ᠡᠷᠳᠡᠨᠢ ᠰᠢᠰᠢ ᠡᠷ᠎ᠡ ᠲᠥᠷᠥᠭᠦᠥ ᠪᠥᠭᠡᠯᠵᠢᠬᠦ ᠬᠤᠭᠤᠴᠠᠭᠠᠨ ᠳᠤ ᠤᠷᠤᠭᠰᠠᠨ ᠤ ᠳᠠᠷᠠᠭ᠎ᠠ ᠮᠠᠰᠢ ᠬᠤᠷᠳᠤᠨ | ᠥᠷᠡᠵᠢᠨᠡ᠃ 8 ᠰᠠᠷ᠎ᠠ ᠶᠢᠨ ᠰᠢᠨᠡᠳ ᠠᠴᠠ ᠠᠷᠪᠠᠳ ᠪᠤᠯᠲᠠᠯ᠎ᠠ ᠪᠤᠯ ᠡᠷᠳᠡᠨᠢ ᠰᠢᠰᠢ ᠶᠢᠨ ᠪᠠᠭᠠᠷᠠᠩ ᠬᠤᠷᠤᠬᠠᠢ ᠶᠢᠨ | ᠬᠠᠮᠤᠭ ᠶᠡᠬᠡᠪᠡᠷ ᠲᠠᠷᠬᠠᠬᠤ ᠬᠤᠭᠤᠴᠠᠭ᠎ᠠ ᠪᠤᠯᠤᠨ᠎ᠠ᠂ ᠵᠠᠭᠤᠨ ᠰᠠᠭᠤᠷᠢ ᠡᠷᠳᠡᠨᠢ ᠰᠢᠰᠢ ᠳᠡᠭᠡᠷ᠎ᠡ ᠲᠥᠮᠡ ᠠᠴᠠ | ᠳᠡᠭᠡᠭᠰᠢ ᠪᠠᠭᠠᠷᠠᠩ ᠬᠤᠷᠤᠬᠠᠢ ᠰᠠᠭᠤᠳᠠᠭ᠃ 8 ᠰᠠᠷ᠎ᠠ ᠶᠢᠨ ᠬᠤᠷᠢᠳ ᠪᠤᠯᠪᠠᠯ ᠠᠭᠤᠷ ᠠᠮᠢᠰᠬᠤᠯ ᠬᠠᠭᠤᠷᠠᠢ | ᠮᠥᠷᠲᠡᠭᠡᠨ ᠰᠡᠷᠢᠭᠦᠨ ᠪᠤᠯᠬᠤ ᠥᠶ᠎ᠡ ᠳᠤ ᠡᠬᠢᠯᠡᠨ ᠪᠠᠭᠠᠰᠴᠤ᠂ ᠭᠤᠤᠯ ᠨᠢ ᠡᠮ᠎ᠡ ᠲᠥᠷᠥᠭᠦᠥ ᠶᠢᠨ ᠪᠠᠭᠯᠠᠭᠴᠢ | ᠨᠠᠪᠴᠢ ᠪᠠ ᠳᠤᠤᠷ᠎ᠠ ᠲᠠᠯ᠎ᠠ ᠶᠢᠨ ᠨᠠᠪᠴᠢᠨ ᠢᠯᠲᠠᠰᠤᠨ ᠳᠡᠭᠡᠷ᠎ᠡ ᠴᠤᠭᠯᠠᠷᠠᠨ᠎ᠠ᠂ ᠡᠷᠳᠡᠨᠢ ᠰᠢᠰᠢ ᠬᠤᠷᠢᠶᠠᠬᠤ ᠠᠴᠠ | ᠡᠮᠤᠨ᠎ᠡ ᠵᠢᠭᠦᠷ ᠤᠷᠭᠤᠵᠤ ᠪᠤᠰᠤᠳ ᠮᠥᠯᠵᠢᠭᠳᠡᠭᠴᠢ ᠤᠷᠭᠤᠮᠠᠯ ᠤᠨ ᠪᠡᠶ᠎ᠡ ᠳᠡᠭᠡᠷ᠎ᠡ ᠨᠢᠰᠤᠨ ᠶᠠᠪᠤᠳᠠᠭ᠃ | ᠰᠡᠷᠭᠡᠶᠢᠯᠡᠨ ᠵᠠᠰᠠᠬᠤ ᠠᠷᠭ᠎ᠠ᠄ 1. ᠡᠮ ᠲᠠᠢ ᠬᠤᠯᠢᠵᠤ ᠲᠠᠷᠢᠬᠤ᠄ ᠡᠷᠳᠡᠨᠢ ᠰᠢᠰᠢ ᠶᠢ ᠲᠠᠷᠢᠬᠤ ᠠᠴᠠ | ᠡᠮᠤᠨ᠎ᠡ ᠵᠤᠬᠢᠬᠤ ᠬᠡᠮᠵᠢᠶᠡᠨ ᠤ ᠲᠠᠷᠢᠶᠠᠨ ᠡᠮ ᠪᠠ ᠡᠷᠳᠡᠨᠢ ᠰᠢᠰᠢ ᠶᠢᠨ ᠥᠷ᠎ᠡ ᠶᠢ ᠬᠠᠮᠲᠤ ᠬᠤᠯᠢᠵᠤ | ᠨᠠᠶᠢᠷᠠᠭᠤᠯᠤᠭᠰᠠᠨ ᠤ ᠳᠠᠷᠠᠭ᠎ᠠ ᠲᠠᠷᠢᠨ᠎ᠠ᠃ ᠲᠠᠷᠢᠶᠠᠨ ᠡᠮ ᠡᠷᠳᠡᠨᠢ ᠰᠢᠰᠢ ᠶᠢᠨ ᠥᠷ᠎ᠡ ᠶᠢ ᠬᠠᠮᠠᠭᠠᠯᠠᠬᠤ ᠶᠢᠨ ᠬᠠᠮᠳᠤ | ᠪᠠᠰᠠ ᠨᠢᠭᠡᠳᠤᠭᠡᠷ ᠤᠳᠠᠭ᠎ᠠ ᠲᠠᠷᠢᠶᠠᠨ ᠥᠷ᠎ᠡ ᠶᠢ ᠥᠡᠭᠭᠡᠯᠡᠨᠡ᠂ ᠰᠡᠭᠦᠯᠡᠷ ᠨᠢ ᠲᠠᠷᠢᠶᠠᠨ ᠥᠷ᠎ᠡ ᠰᠤᠶᠤᠭᠠᠯᠠᠭᠰᠠᠨ ᠤ | ᠳᠠᠷᠠᠭ᠎ᠠ ᠳᠠᠬᠢᠨ ᠨᠢᠭᠡ ᠤᠳᠠᠭ᠎ᠠ ᠡᠮ ᠰᠠᠴᠤᠵᠤ᠂ ᠬᠤᠶᠠᠳᠤᠭᠠᠷ ᠤᠳᠠᠭ᠎ᠠ ᠲᠠᠷᠢᠶᠠᠨ ᠥᠷ᠎ᠡ ᠶᠢ ᠥᠡᠭᠭᠡᠯᠡᠨᠡ᠂ | ᠢᠡᠭᠭᠢᠪᠡᠯ ᠡᠷᠳᠡᠨᠢ ᠰᠢᠰᠢ ᠶᠢᠨ ᠪᠠᠭᠠᠷᠠᠩ ᠬᠤᠷᠤᠬᠠᠢ ᠶᠢ ᠠᠰᠢᠭᠲᠠᠢ ᠬᠤᠷᠢᠭᠯᠠᠵᠤ ᠴᠢᠳᠠᠨ᠎ᠠ᠃ 2. ᠡᠮ ᠰᠠᠴᠤᠵᠤ | ᠪᠤᠷᠳᠤᠭᠤᠷ ᠤᠷᠤᠭᠤᠯᠬᠤ᠄ ᠡᠷᠳᠡᠨᠢ ᠰᠢᠰᠢ ᠪᠠᠭᠠᠷᠠᠩ ᠬᠤᠷᠤᠬᠠᠢ ᠳᠤ ᠬᠥᠨᠥᠭᠡᠭᠳᠡᠬᠦ ᠥᠶᠡᠰ ᠵᠠᠪᠠᠯ ᠱᠤᠧᠠᠵᠠ ᠪᠠᠷ | ᠬᠤᠷᠤᠬᠠᠢ ᠶᠢ ᠬᠤᠷᠳᠤᠨ ᠱᠤᠧᠠᠵᠠᠳᠠᠵᠤ ᠬᠠᠶᠠᠬᠤ ᠬᠡᠷᠡᠭᠲᠠᠢ᠂ ᠱᠤᠧᠠᠵᠠᠳᠠᠵᠤ ᠪᠠᠷᠠᠭᠰᠠᠨ ᠤ ᠳᠠᠷᠠᠭ᠎ᠠ ᠬᠤᠷᠳᠤᠬᠠᠨ | ᠡᠮ ᠰᠠᠴᠤᠨ᠎ᠠ᠂ ᠨᠢᠭᠡ ᠭᠠᠷᠠᠭ ᠠᠯᠤᠰᠯᠠᠪᠠᠯ ᠨᠢᠭᠡ ᠤᠳᠠᠭ᠎ᠠ ᠰᠠᠴᠤᠨ᠎ᠠ᠂ ᠨᠡᠶᠢᠲᠡ ᠭᠤᠷᠪᠠ ᠳᠥᠷᠪᠡᠨ ᠤᠳᠠᠭ᠎ᠠ | ᠰᠠᠴᠤᠪᠠᠯ ᠵᠤᠬᠢᠰᠲᠠᠢ ᠬᠤᠷᠢᠭᠯᠠᠵᠤ ᠳᠡᠶᠢᠯᠤᠨ᠎ᠡ᠃ ᠬᠤᠷᠤᠬᠠᠢ ᠳᠤ ᠬᠥᠨᠥᠭᠡᠭᠳᠡᠬᠦ ᠥᠶᠡᠰ ᠰᠠᠶ᠋ᠢ ᠡᠬᠢᠯᠡᠨ ᠡᠮ | ᠰᠠᠴᠤᠬᠤ ᠪᠢᠰᠢ᠂ ᠲᠠᠷᠢᠶᠠᠨ ᠳᠠᠭᠠᠨ ᠪᠤᠷᠳᠤᠭᠤᠷ ᠤᠷᠤᠭᠤᠯᠬᠤ ᠪᠦᠷᠢ ᠪᠤᠷᠳᠤᠭᠤᠷ ᠲᠤᠲᠤᠷ᠎ᠠ ᠪᠠᠨ ᠵᠤᠬᠢᠬᠤ | ᠬᠡᠮᠵᠢᠶᠡᠨ ᠤ ᠡᠮ ᠬᠤᠯᠢᠪᠠᠯ ᠪᠠᠰᠠ ᠬᠤᠷᠤᠬᠠᠢ ᠶᠢᠨ ᠬᠥᠨᠥᠭᠡᠯ ᠢ ᠵᠤᠬᠢᠰᠲᠠᠢ ᠬᠤᠷᠢᠭᠯᠠᠵᠤ ᠴᠢᠳᠠᠨ᠎ᠠ᠃ 3. ᠤᠷᠴᠢᠨ | ᠲᠤᠭᠤᠷᠢᠨ ᠤ ᠨᠥᠭᠦᠴᠡᠯ ᠢ ᠰᠠᠶᠢᠵᠢᠷᠠᠭᠤᠯᠬᠤ᠄ ᠡᠷᠳᠡᠨᠢ ᠰᠢᠰᠢ ᠪᠠᠭᠠᠷᠠᠩ ᠬᠤᠷᠤᠬᠠᠢ ᠳᠤ ᠭᠥᠨᠥᠭᠡᠭᠳᠡᠬᠦ ᠥᠶᠡᠰ ᠡᠮ | ᠰᠠᠴᠤᠬᠤ ᠠᠴᠠ ᠭᠠᠳᠠᠨ᠎ᠠ ᠪᠠᠰᠠ ᠤᠷᠴᠢᠨ ᠲᠤᠭᠤᠷᠢᠨ ᠤ ᠨᠥᠭᠦᠴᠡᠯ ᠢ ᠰᠠᠶᠢᠵᠢᠷᠠᠭᠤᠯᠬᠤ ᠬᠡᠷᠡᠭᠲᠠᠢ᠃ | ᠤᠯᠠᠩᠬᠢ ᠳᠠᠭᠠᠨ ᠥᠨᠳᠥᠷ ᠳᠤᠯᠠᠭᠠᠨ ᠤ ᠨᠥᠭᠦᠴᠡᠯ ᠪᠤᠶᠤ ᠰᠠᠯᠬᠢ ᠨᠡᠪᠲᠡᠷᠡᠬᠦ ᠪᠠᠷ ᠠᠨᠠᠢ ᠠᠴᠠ ᠪᠤᠯᠵᠤ ᠠᠮᠠᠷᠬᠠᠨ | ᠬᠤᠷᠤᠬᠠᠢ ᠳᠤ ᠬᠥᠨᠥᠭᠡᠭᠳᠡᠳᠡᠭ᠂ ᠡᠶᠢᠮᠤ ᠠᠴᠠ ᠥᠷᠭᠦᠯᠵᠢ ᠲᠠᠷᠢᠶᠠᠨ ᠭᠠᠵᠠᠷ ᠤᠨ ᠡᠪᠡᠰᠤ ᠶᠢ ᠠᠷᠴᠢᠵᠤ᠂ ᠰᠠᠯᠬᠢ | ᠨᠡᠪᠲᠡᠷᠡᠬᠦ ᠶᠢ ᠪᠠᠲᠤᠯᠠᠬᠤ ᠬᠡᠷᠡᠭᠳᠡᠢ᠃ ᠡᠭᠦᠨ ᠠᠴᠠ ᠭᠠᠳᠠᠨ᠎ᠠ᠂ ᠲᠠᠷᠢᠬᠤ ᠥᠶᠡᠰ ᠬᠠᠮᠤᠭ ᠰᠠᠶᠢᠨ ᠨᠢ ᠨᠠᠷᠠᠨ ᠤ | ᠭᠡᠷᠡᠯ ᠭᠥᠢᠴᠠᠳ ᠭᠠᠵᠠᠷ ᠢ ᠰᠤᠩᠭᠤᠨ᠎ᠠ᠂ ᠨᠠᠷᠠᠨ ᠤ ᠭᠡᠷᠡᠯ ᠭᠥᠢᠴᠡᠳ ᠥᠶᠡᠰ ᠬᠤᠷᠤᠬᠠᠢ ᠳᠤ ᠬᠠᠯᠳᠠᠪᠤᠷᠢᠯᠠᠭᠳᠠᠬᠤ | ᠨᠤᠷᠮ᠎ᠠ ᠶᠡᠭᠡ ᠪᠠᠷ ᠳᠤᠷᠤᠭᠰᠢᠯᠠᠳᠠᠭ᠃ |