ᠡᠷᠳᠡᠨᠢ ᠰᠢᠰᠢ ᠶᠢᠨ ᠬᠠᠷ᠎ᠠ ᠲᠤᠭᠤᠰᠤᠲᠤ ᠡᠪᠡᠳᠴᠢᠨ ᠢ ᠢᠯᠭᠠᠨ ᠲᠠᠨᠢᠬᠤ ᠪᠠ ᠰᠡᠷᠭᠡᠶᠢᠯᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2019/5/22
      ᠡᠪᠡᠳᠴᠢᠨ ᠤ ᠢᠯᠡᠷᠡᠯ᠄ ᠬᠠᠷ᠎ᠠ ᠲᠤᠭᠤᠰᠤᠲᠤ ᠡᠪᠡᠳᠴᠢᠨ ᠪᠤᠯ ᠡᠷᠳᠡᠨᠢ ᠰᠢᠰᠢ ᠶᠢᠨ ᠪᠥᠬᠦ᠋ᠢᠯᠡ ᠥᠷᠡᠵᠢᠯ ᠤᠨ ᠬᠤᠭᠤᠴᠠᠭᠠᠨ ᠳᠤ ᠪᠥᠷ ᠬᠠᠯᠳᠠᠪᠤᠷᠢᠯᠠᠬᠤ ᠪᠤᠯᠤᠯᠴᠠᠭ᠎ᠠ ᠲᠠᠢ ᠡᠪᠡᠳᠴᠢᠨ ᠪᠤᠯᠤᠨ᠎ᠠ᠂ ᠡᠷᠳᠡᠨᠢ ᠰᠢᠰᠢ ᠶᠢᠨ ᠥᠨᠳᠥᠰᠤ᠂ ᠡᠰᠢ᠂ ᠨᠠᠪᠴᠢ᠂ ᠨᠠᠪᠴᠢ ᠶᠢᠨ ᠲᠤᠭᠲᠤᠢ᠂ ᠡᠮ᠎ᠡ ︵ᠡᠷ᠎ᠡ︶ ᠲᠥᠷᠥᠭᠦᠥ ᠪᠥᠷ ᠬᠥᠨᠥᠭᠡᠭᠳᠡᠨ᠎ᠡ᠃ ᠡᠪᠡᠳᠴᠢᠨ ᠤ ᠨᠡᠭᠡᠳᠡᠰᠤ ᠬᠠᠪᠤᠳᠤᠭᠠᠳ ᠪᠡᠲᠡᠭᠢ ᠪᠤᠯᠵᠤ᠂ ᠡᠪᠡᠳᠴᠢᠨ ᠤ ᠪᠡᠲᠡᠭᠢ ᠶᠢᠨ ᠭᠠᠳᠠᠷᠭᠤ ᠳᠤ ᠴᠠᠭᠠᠨ ᠥᠡᠭᠭᠡ᠂ ᠴᠠᠶᠢᠪᠤᠷ ᠤᠯᠠᠭᠠᠨ ᠥᠡᠭᠭᠡ᠂ ᠰᠡᠭᠦᠯᠡᠷ ᠨᠢ ᠠᠭᠠᠵᠢᠮ ᠢᠶᠠᠷ ᠥᠨᠡᠰᠤᠨ ᠰᠠᠭᠠᠷᠠᠯ ᠥᠡᠭᠭᠡ ᠠᠴᠠ ᠬᠥᠷᠡᠩ ᠥᠡᠭᠭᠡ ᠲᠠᠢ ᠨᠢᠮᠬᠡᠨ ᠪᠥᠷᠬᠦᠭᠦᠯ ᠪᠤᠯᠵᠤ ᠬᠠᠮᠤᠭ ᠰᠡᠭᠦᠯᠡᠷ ᠨᠢ ᠭᠠᠳᠠᠷ ᠬᠠᠯᠢᠰᠤ ᠨᠢ ᠬᠠᠭᠠᠷᠠᠵᠤ᠂ ᠬᠠᠷ᠎ᠠ ᠬᠥᠷᠡᠩ ᠥᠡᠭᠭᠡ ᠲᠠᠢ ᠲᠤᠭᠤᠰᠤ ᠲᠠᠷᠬᠠᠨ ᠭᠠᠷᠤᠨ᠎ᠠ᠃ ᠤᠯᠠᠩᠬᠢ ᠳᠠᠭᠠᠨ ᠨᠠᠪᠴᠢᠨ ᠢᠯᠲᠠᠰᠤ ᠪᠠ ᠨᠠᠪᠴᠢᠨ ᠲᠤᠭᠲᠤᠢ ᠲᠡᠭᠡᠷᠡᠬᠢ ᠪᠡᠲᠡᠭᠢ ᠬᠠᠷᠢᠴᠠᠩᠭᠤᠢ ᠪᠠᠭ᠎ᠠ ᠪᠠᠶᠢᠵᠤ᠂ ᠳ᠋ᠢᠶᠠᠮᠧᠳ᠋ᠷ ᠨᠢ ᠵᠥᠪᠬᠡᠨ 1~ 2 ᠰᠡᠨᠲ᠋ᠢᠮᠧᠲᠷ ᠪᠤᠶᠤ ᠨᠡᠩ ᠪᠠᠭ᠎ᠠ᠂ ᠪᠠᠷᠤᠭᠲᠠᠢ ᠳᠠᠭᠠᠨ ᠬᠠᠷ᠎ᠠ ᠲᠤᠭᠤᠰᠤ ᠡᠭᠦᠰᠬᠦ ᠥᠭᠡᠢ᠃ ᠡᠰᠢ ᠶᠢᠨ ᠥᠶ᠎ᠡ ᠪᠠ ᠲᠠᠷᠢᠶᠠᠨ ᠲᠥᠷᠥᠭᠦᠥ ᠳᠡᠭᠡᠷᠡᠬᠢ ᠪᠡᠲᠡᠭᠢ ᠬᠠᠷᠢᠴᠠᠩᠭᠤᠢ ᠶᠡᠭᠡ᠂ ᠳ᠋ᠢᠶᠠᠮᠧᠳ᠋ᠷ ᠨᠢ 15 ᠰᠡᠨᠲ᠋ᠢᠮᠧᠲᠷ ᠬᠥᠷᠥᠨ᠎ᠡ᠃ ᠨᠢᠭᠡ ᠰᠠᠭᠤᠷᠢ ᠡᠷᠳᠡᠨᠢ ᠰᠢᠰᠢ ᠤᠯᠠᠨ ᠠᠷᠪᠢᠨ ᠡᠪᠡᠳᠴᠢᠨ ᠤ ᠪᠡᠲᠡᠭᠢ ᠡᠭᠦᠰᠥᠨ᠎ᠡ᠃ ᠡᠷ᠎ᠡ ᠲᠥᠷᠥᠭᠦᠥ ᠶᠢᠨ ᠡᠪᠡᠳᠴᠢᠨ ᠳᠤ ᠬᠥᠨᠥᠭᠡᠭᠳᠡᠭᠰᠡᠨ ᠬᠡᠰᠡᠭ ᠲᠤ ᠤᠯᠠᠨ ᠤᠭᠤᠲᠠ  ᠬᠡᠯᠪᠡᠷᠢᠲᠠᠢ ᠪᠤᠶᠤ ᠡᠪᠡᠷ ᠬᠡᠯᠪᠡᠷᠢᠲᠠᠢ ᠪᠡᠲᠡᠭᠢ ᠭᠠᠷᠴᠤ᠂ ᠡᠷ᠎ᠡ ᠲᠥᠷᠥᠭᠦᠥ ᠶᠢᠨ ᠡᠪᠡᠳᠴᠢᠨ ᠳᠤ ᠬᠥᠨᠥᠭᠡᠭᠳᠡᠬᠦ ᠬᠡᠰᠡᠭ ᠨᠢ ᠤᠯᠠᠩᠬᠢ ᠳᠠᠭᠠᠨ ᠳᠡᠭᠡᠷ᠎ᠡ ᠬᠠᠭᠠᠰ ᠬᠡᠰᠡᠭ ᠨᠢ ᠪᠠᠶᠢᠵᠤ᠂ ᠵᠥᠪᠬᠡᠨ ᠭᠠᠭᠴᠠ ᠬᠤᠶᠠᠷ ᠪᠢᠴᠢᠬᠠᠨ ᠬᠤᠧᠠᠷ ᠨᠢ ᠡᠪᠡᠳᠴᠢᠨ ᠳᠤ ᠨᠡᠷᠪᠡᠭᠳᠡᠨ᠎ᠡ᠂ ᠪᠤᠰᠤᠳ ᠨᠢ ᠪᠥᠷ ᠥᠷᠡᠯᠡᠵᠤ ᠳᠡᠶᠢᠯᠤᠨ᠎ᠡ᠂ ᠪᠥᠬᠦ᠋ᠢᠯᠡ ᠲᠠᠷᠢᠶᠠᠨ ᠲᠥᠷᠥᠭᠦᠥ ᠪᠥᠷ ᠬᠤᠤᠷᠯᠠᠭᠳᠠᠪᠠᠯ ᠨᠢᠭᠡ ᠶᠡᠭᠡ ᠡᠪᠡᠳᠴᠢᠨ ᠤ ᠪᠡᠲᠡᠭᠢ ᠪᠤᠯᠤᠨ᠎ᠠ᠃      ᠡᠪᠡᠳᠴᠢᠯᠡᠬᠦ ᠵᠢᠮ᠎ᠡ ᠶᠤᠰᠤ᠄ ᠡᠪᠡᠳᠴᠢᠨ ᠤ ᠪᠠᠺᠲ᠋ᠧᠷᠢ ᠢᠴᠡᠭᠡᠯᠡᠭᠰᠡᠨ ᠰᠫᠤᠷ ᠤᠨ ᠬᠡᠯᠪᠡᠷᠢ ᠪᠠᠷ ᠬᠥᠷᠤᠰᠤᠨ ᠲᠤᠲᠤᠷ᠎ᠠ ᠪᠠ ᠡᠪᠡᠳᠴᠢᠨ ᠲᠠᠢ ᠡᠰᠢᠨ ᠳᠡᠭᠡᠷ᠎ᠡ ᠡᠪᠤᠯᠵᠢᠨ᠎ᠡ᠂ ᠬᠠᠪᠤᠷ ᠤᠨ ᠤᠯᠠᠷᠢᠯ ᠨᠥᠭᠦᠴᠡᠯ ᠲᠤᠬᠢᠷᠠᠮᠵᠢᠲᠠᠢ ᠥᠶᠡᠰ ᠨᠠᠬᠢᠶᠠᠯᠠᠭᠠᠳ ᠪᠠᠷᠢᠭᠤᠯᠳᠤ ᠰᠫᠤᠷ ᠪᠤᠯᠵᠤ᠂ ᠬᠡᠢ ᠶᠢᠨ ᠤᠷᠤᠰᠬᠠᠯ ᠢᠶᠠᠷ ᠳᠠᠮᠵᠢᠵᠤ᠂ ᠡᠷᠳᠡᠨᠢ ᠰᠢᠰᠢ ᠶᠢᠨ ᠴᠢᠬᠢᠯᠡᠬᠦ ᠥᠶ᠎ᠡ ᠪᠠ ᠡᠰᠢᠯᠡᠬᠦ ᠥᠶᠡᠰ  ᠵᠠᠯᠭ᠎ᠠ ᠪᠠᠷ ᠡᠪᠡᠳᠴᠢᠨ ᠳᠤ ᠨᠡᠷᠪᠡᠭᠳᠡᠨ᠎ᠡ᠃ ᠰᠫᠤᠷ ᠨᠠᠬᠢᠶᠠᠯᠠᠬᠤ ᠲᠤᠬᠢᠷᠠᠮᠵᠢᠲᠠᠢ ᠳᠤᠯᠠᠭᠠᠨ 26 ~ 30 ᠼᠧᠯᠰ ᠤᠨ ᠭᠷᠠᠳᠦ᠋ᠰ᠃ ᠡᠷᠳᠡᠨᠢ ᠰᠢᠰᠢ ᠶᠢᠨ ᠰᠠᠭᠤᠷᠢ ᠶᠢᠨ ᠬᠤᠭᠤᠷᠤᠨᠳᠤᠬᠢ ᠵᠠᠢ ᠬᠡᠳᠤ ᠶᠡᠭᠡ᠂ ᠠᠽᠤᠲ ᠤᠨ ᠪᠤᠷᠳᠤᠭᠤᠷ ᠢᠯᠡᠭᠦᠥ ᠤᠷᠤᠭᠤᠯᠪᠠᠯ ᠰᠢᠷᠬ᠎ᠠ ᠲᠠᠢ ᠨᠡᠬᠡᠳᠡᠰᠤ ᠠᠮᠠᠷᠬᠠᠨ ᠡᠪᠡᠳᠴᠢᠨ ᠳᠤ ᠨᠡᠷᠪᠡᠭᠳᠡᠨ᠎ᠡ᠃ ᠪᠠᠺᠲ᠋ᠧᠷᠢ ᠶᠢᠨ ᠡᠬᠢ ᠠᠷᠪᠢᠨ᠂ ᠲᠤᠨᠤᠳᠠᠰᠤ ᠠᠷᠪᠢᠨ᠂ ᠴᠢᠭᠢᠭ ᠶᠡᠭᠡ ᠪᠤᠯ ᠡᠪᠡᠳᠴᠢᠨ ᠡᠭᠦᠰᠬᠦ ᠪᠠᠶᠢᠳᠠᠯ ᠬᠥᠨᠳᠥ ᠨᠤᠴᠢᠲᠠᠢ ᠪᠤᠯᠳᠠᠭ᠃      ᠰᠡᠷᠭᠡᠶᠢᠯᠡᠨ ᠵᠠᠰᠠᠬᠤ ᠠᠷᠭ᠎ᠠ᠄ 1. ᠡᠪᠡᠳᠴᠢᠨ ᠢ ᠡᠰᠡᠷᠭᠦᠴᠡᠬᠦ ᠰᠢᠯᠢᠳᠡᠭ ᠡᠭᠦᠯᠳᠡᠷ ᠢ ᠰᠤᠩᠭᠤᠬᠤ᠄ ᠥᠨᠳᠥᠷ ᠤᠨᠠᠯᠲᠠ ᠲᠠᠢ᠂ ᠴᠢᠨᠠᠷ ᠰᠠᠶᠢᠲᠠᠢ ᠮᠥᠷᠲᠡᠭᠡᠨ ᠬᠠᠷ᠎ᠠ ᠲᠤᠭᠤᠰᠤᠲᠤ ᠡᠪᠡᠳᠴᠢᠨ ᠢ ᠰᠡᠷᠭᠡᠶᠢᠯᠡᠬᠦ ᠳᠤ ᠡᠷᠯᠢᠰᠡᠵᠢᠭᠦᠯᠥᠨ ᠪᠤᠶᠢᠵᠢᠭᠤᠯᠤᠭᠰᠠᠨ ᠥᠷ᠎ᠡ ᠶᠢ ᠰᠤᠩᠭᠤᠨ᠎ᠠ᠃ ᠬᠡᠷᠪᠡ ᠡᠪᠡᠳᠴᠢᠨ ᠢ ᠡᠰᠡᠷᠭᠦᠴᠡᠵᠤ ᠳᠠᠶᠢᠯᠬᠦ ᠤᠷᠤᠨ ᠨᠤᠲᠤᠭ ᠤᠨ ᠰᠢᠯᠢᠳᠡᠭ ᠡᠭᠦᠯᠳᠡᠷ  ᠪᠠᠶᠢᠪᠠᠯ ᠲᠤᠬᠠᠢ ᠶᠢᠨ ᠭᠠᠵᠠᠷ ᠲᠤᠨᠢ ᠰᠤᠩᠭᠤᠵᠤ᠂ ᠲᠤᠬᠠᠢ ᠶᠢᠨ ᠭᠠᠵᠠᠷ ᠲᠤᠨᠢ ᠲᠥᠭᠡᠮᠡᠯᠵᠢᠭᠦᠯᠥᠨ ᠬᠡᠷᠡᠭᠯᠡᠪᠠᠯ ᠵᠤᠬᠢᠰᠳᠠᠢ᠃ 2. ᠬᠠᠯᠳᠠᠪᠥᠷᠢᠯᠠᠯ ᠤᠨ ᠡᠬᠢ ᠶᠢ ᠪᠠᠭᠠᠰᠬᠠᠬᠤ ᠪᠤᠶᠤ ᠬᠢᠵᠠᠭᠠᠷᠯᠠᠬᠤ᠄ ᠡᠷᠲᠡ ᠥᠶᠡᠰ ᠡᠪᠡᠳᠴᠢᠨ ᠤ ᠪᠡᠲᠡᠭᠢ ᠶᠢ ᠤᠭᠲᠤᠯᠤᠨ ᠬᠠᠶᠠᠨ᠎ᠠ᠂ ᠨᠠᠮᠤᠷ ᠤᠨ ᠬᠤᠷᠢᠶᠠᠯᠲᠠ ᠪᠠᠷᠠᠭᠰᠠᠨ ᠤ ᠳᠠᠷᠠᠭ᠎ᠠ ᠲᠠᠷᠢᠶᠠᠨ ᠲᠤᠲᠤᠷᠠᠬᠢ ᠡᠪᠡᠳᠴᠢᠨ ᠲᠠᠢ ᠡᠰᠢ ᠰᠥᠷᠡᠯ ᠢ ᠴᠠᠭ ᠲᠤᠬᠠᠢ ᠳᠤᠨᠢ ᠠᠷᠢᠯᠭᠠᠨ᠎ᠠ᠂ ᠭᠥᠢᠴᠡᠳ ᠢᠯᠵᠢᠷᠠᠨ ᠪᠤᠯᠪᠠᠰᠤᠷᠠᠭᠰᠠᠨ ᠪᠤᠷᠳᠤᠭᠤᠷ ᠤᠷᠤᠭᠤᠯᠵᠤ᠂ ᠬᠠᠯᠳᠠᠪᠤᠷᠢᠯᠠᠯ ᠤᠨ ᠡᠬᠢ ᠶᠢ ᠪᠠᠭᠠᠰᠬᠠᠨ᠎ᠠ᠃ ᠬᠥᠨᠳᠥ ᠨᠤᠴᠢᠲᠠᠢ ᠬᠠᠯᠳᠠᠪᠤᠷᠢᠯᠠᠭᠳᠠᠭᠰᠠᠨ ᠲᠠᠷᠢᠶᠠᠨ ᠭᠠᠵᠠᠷ ᠢ 2 ~ 3 ᠵᠢᠯ ᠡᠭᠡᠯᠵᠢᠯᠡᠨ ᠲᠠᠷᠢᠨ᠎ᠠ᠃ 3. ᠲᠠᠷᠢᠶᠠᠨ ᠭᠠᠵᠠᠷ ᠤᠨ ᠣᠰᠤ ᠪᠤᠷᠳᠤᠭᠤᠷ ᠤᠨ ᠬᠠᠮᠢᠶᠠᠷᠤᠯᠲᠠ ᠪᠠᠨ ᠴᠢᠩᠭᠠᠳᠬᠠᠬᠤ᠄ ᠵᠤᠬᠢᠰᠲᠠᠢ ᠴᠠᠭ ᠥᠶ᠎ᠡ ᠳᠤ ᠲᠠᠷᠢᠵᠤ᠂ ᠵᠤᠬᠢᠰᠲᠠᠢ ᠨᠢᠭᠲᠠ ᠲᠠᠷᠢᠨ᠎ᠠ᠂ ᠥᠷ᠎ᠡ ᠬᠠᠶᠠᠬᠤ ᠶᠠᠰᠤ ᠴᠢᠨᠠᠷ ᠢ ᠳᠡᠭᠡᠭᠰᠢᠯᠡᠭᠦᠯᠵᠤ᠂ ᠤᠰᠤ ᠪᠤᠷᠳᠤᠭᠤᠷ ᠤᠨ ᠬᠠᠮᠢᠶᠠᠷᠤᠯᠲᠠ ᠪᠠᠨ ᠴᠢᠩᠭᠠᠳᠬᠠᠨ᠎ᠠ᠂ ᠠᠽᠤᠲ ᠹᠤᠰᠹᠤᠷ ᠺᠠᠯᠢ ᠪᠤᠷᠳᠤᠭᠤᠷ ᠢ ᠵᠤᠬᠢᠰᠲᠠᠢ ᠲᠤᠬᠢᠷᠠᠭᠤᠯᠬᠤ ᠶᠢ ᠠᠩᠬᠠᠷᠬᠤ ᠬᠡᠷᠡᠭᠲᠠᠢ᠂ ᠠᠽᠤᠲ ᠤᠨ ᠪᠤᠷᠳᠤᠭᠤᠷ ᠢ ᠢᠯᠡᠭᠦᠥ ᠤᠷᠤᠭᠤᠯᠵᠤ ᠪᠤᠯᠬᠤ ᠥᠭᠡᠢ᠂ ᠲᠡᠨᠡᠭ ᠤᠷᠭᠤᠬᠤ ᠠᠴᠠ ᠰᠡᠷᠭᠡᠶᠢᠯᠡᠨ᠎ᠡ᠃
ᠢᠷᠡᠯᠲᠡ᠄ ᠠᠯᠲᠠᠨ ᠬᠦᠷᠳᠦ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ