ᠣᠶᠢᠷ᠎ᠠ ᠶᠢᠨ ᠡᠳᠦᠷ᠂ 2019 ᠣᠨ ᠤ ᠪᠦᠬᠦ ᠤᠯᠤᠰ ᠤᠨ ᠬᠠᠮᠤᠭ ᠤᠨ ᠭᠤᠶᠤ ᠭᠡᠷ ᠪᠦᠯᠢ ᠶᠢᠨ ᠳ᠋ᠦᠩ ᠨᠡᠶᠢᠲᠡᠯᠡᠭᠳᠡᠵᠦ ᠮᠠᠨ ᠤ ᠣᠷᠣᠨ ᠤ 25 ᠭᠡᠷ ᠪᠦᠯᠢ ᠡᠨᠡ ᠬᠦ | ᠣᠨᠴᠠᠭᠠᠢ ᠢᠷᠠᠭᠤ ᠠᠯᠳᠠᠷ ᠢ ᠬᠦᠷᠲᠡᠵᠦ᠂ ᠡᠭᠦᠨ ᠳᠤ ᠮᠠᠨ ᠤ ᠬᠤᠳᠠ ᠶᠢᠨ ᠵᠠᠩ ᠴᠦᠨ ᠶᠠᠨ ᠤ ᠭᠡᠷ ᠪᠦᠯᠢ᠂ ᠬᠤᠸᠠᠩ ᠶᠠᠨ ᠴᠢᠩ ᠤᠨ ᠭᠡᠷ ᠪᠦᠯᠢ᠂ ᠨᠠ ᠸᠧᠢ ᠶᠦᠨ ᠤ ᠭᠡᠷ | ᠪᠦᠯᠢ ᠵᠢᠭᠰᠠᠭᠠᠭᠳᠠᠪᠠ᠃ | ᠵᠠᠩ ᠴᠦᠨ ᠶᠠᠨ ᠤ ᠭᠡᠷ ᠪᠦᠯᠢ ᠪᠣᠯ ᠴᠡᠷᠢᠭ ᠤᠨ ᠭᠡᠷ ᠪᠦᠯᠢ ᠮᠥᠨ᠃ ᠬᠡᠳᠦ᠋ᠢᠪᠡᠷ ᠲᠩᠷᠢ ᠭᠠᠵᠠᠷ ᠢ ᠳᠣᠩᠰᠣᠯᠭᠠᠮ᠎ᠠ ᠠᠤᠭ᠎ᠠ ᠠᠵᠢᠯᠯᠠᠭ᠎ᠠ ᠦᠭᠡᠢ ᠪᠣᠯᠪᠠᠴᠤ᠂ ᠲᠡᠳᠡ | ᠬᠤᠪᠢ ᠶᠢᠨ ᠠᠰᠢᠭ ᠲᠤᠰᠠ ᠪᠣᠯᠤᠨ ᠨᠡᠶᠢᠲᠡ ᠶᠢᠨ ᠠᠰᠢᠭ ᠲᠤᠰᠠ ᠠᠴᠠ ᠤᠯᠤᠰ ᠣᠷᠣᠨ ᠪᠣᠯᠤᠨ ᠨᠡᠶᠢᠲᠡ ᠶᠢᠨ ᠠᠰᠢᠭ ᠲᠤᠰᠠ ᠶᠢ ᠡᠷᠡᠭᠡᠯᠵᠡᠯ ᠦᠭᠡᠢ ᠰᠣᠩᠭᠤᠵᠤ᠂ ᠪᠣᠳᠠᠲᠤ | ᠠᠵᠢᠯᠯᠠᠭ᠎ᠠ ᠪᠠᠷ ᠢᠶᠠᠨ ᠨᠠᠮ ᠪᠣᠯᠤᠨ ᠠᠷᠠᠳ ᠲᠦᠮᠡᠨ ᠳᠤ ᠪᠠᠨ ᠦᠨᠡᠨᠴᠢ ᠰᠢᠳᠤᠷᠭᠤ ᠪᠠᠶᠢᠬᠤ ᠪᠠᠨ ᠦᠢᠯᠡᠳᠦᠯᠭᠡᠵᠢᠭᠦᠯᠪᠡ᠃ 2006 ᠣᠨ ᠠᠴᠠ ᠵᠠᠩ ᠴᠦᠨ ᠶᠠᠨ ᠤ ᠡᠷ᠎ᠡ ᠨᠥᠬᠦᠷ | ᠯᠢ ᠵᠢᠶᠦ᠋ᠨ ᠤᠷᠢᠳ ᠬᠤᠵᠢᠳ 4 ᠤᠳᠠᠭ᠎ᠠ ᠠᠹᠷᠢᠺᠠ ᠲᠢᠪ ᠤᠨ ᠯᠢᠪᠧᠷᠢᠶ᠎ᠠ ᠳᠤ ᠬᠦᠷᠴᠦ ᠣᠯᠠᠨ ᠤᠯᠤᠰ ᠤᠨ ᠡᠩᠬᠡ ᠲᠠᠶᠢᠪᠤᠩ ᠢ ᠬᠠᠮᠠᠭᠠᠯᠠᠬᠤ ᠡᠭᠦᠷᠭᠡ ᠶᠢ ᠭᠦᠢᠴᠡᠳᠬᠡᠪᠡ᠃ | ᠵᠠᠩ ᠴᠦᠨ ᠶᠠᠨ ᠭᠡᠷ ᠪᠦᠯᠢ ᠪᠠᠨ ᠨᠠᠷᠢᠨ ᠨᠢᠮᠪᠠᠶ ᠬᠠᠷᠠᠭᠠᠯᠵᠠᠬᠤ ᠶᠢᠨ ᠬᠠᠮᠲᠤ ᠴᠢᠷᠮᠠᠶᠢᠨ ᠠᠵᠢᠯᠯᠠᠵᠤ᠂ ᠠᠩᠭᠢ ᠶᠢᠨ ᠡᠷᠬᠢᠯᠡᠭᠴᠢ ᠶᠢᠨ ᠠᠵᠢᠯ ᠤᠨ ᠪᠠᠶᠢᠷᠢ ᠳᠤ 16 ᠵᠢᠯ ᠠᠵᠢᠯᠯᠠᠵᠤ | ᠂ ᠣᠯᠠᠨ ᠵᠦᠢᠯ ᠤᠨ ᠢᠷᠠᠭᠤ ᠠᠯᠳᠠᠷ ᠤᠨ ᠴᠣᠯᠠ ᠬᠦᠷᠲᠡᠪᠡ᠃ | ᠬᠤᠸᠠᠩ ᠶᠠᠨ ᠴᠢᠩ ᠤᠨ ᠭᠡᠷ ᠪᠦᠯᠢ ᠨᠢ ᠪᠠᠶᠠᠷ ᠪᠠᠶᠠᠰᠬᠤᠯᠠᠩ᠂ ᠡᠷᠡᠭᠦᠯ ᠴᠢᠭᠢᠷᠠᠭ᠂ ᠬᠠᠶᠢᠷ᠎ᠠ ᠰᠡᠳᠬᠢᠯᠭᠡ ᠪᠠᠷ ᠪᠢᠯᠬᠠᠵᠤ ᠪᠠᠶᠢᠳᠠᠭ᠃ ᠤᠷᠤᠭᠯᠠᠭᠰᠠᠨ ᠠᠷᠪᠠ ᠭᠠᠷᠤᠶ | ᠵᠢᠯ ᠤᠨ ᠲᠤᠷᠰᠢ᠂ ᠡᠷ᠎ᠡ ᠨᠥᠬᠦᠷ ᠤᠨ ᠢᠶᠠᠨ ᠠᠵᠢᠯ ᠤᠨ ᠬᠤᠪᠢᠷᠠᠯᠲᠠ ᠶᠢ ᠳᠠᠭᠠᠯᠳᠤᠨ᠂ ᠬᠤᠸᠠᠩ ᠶᠠᠨ ᠴᠢᠩ ᠴᠡᠷᠢᠭ ᠡᠷ᠎ᠡ ᠶᠢᠨ ᠭᠡᠷᠭᠡᠢ ᠪᠠᠶᠢᠭᠰᠠᠨ ᠠᠴᠠ ᠪᠠᠨ ᠴᠠᠭᠳᠠᠭ᠎ᠠ ᠶᠢᠨ | ᠭᠡᠷᠭᠡᠢ ᠪᠣᠯᠵᠤ᠂ ᠤᠷᠳᠤ ᠬᠤᠭᠤᠴᠠᠭ᠎ᠠ ᠪᠠᠷ ᠬᠤᠶᠠᠷ ᠭᠠᠵᠠᠷ ᠠᠮᠢᠳᠤᠷᠠᠬᠤ ᠳᠤ ᠪᠠᠨ ᠭᠠᠭᠴᠠᠭᠠᠷ ᠢᠶᠠᠨ ᠨᠠᠰᠤᠲᠠᠨ ᠢᠶᠠᠨ ᠠᠴᠢᠯᠠᠵᠤ᠂ ᠭᠡᠷ ᠪᠦᠯᠢ ᠪᠠᠨ ᠬᠠᠷᠠᠭᠠᠯᠵᠠᠬᠤ ᠬᠦᠨᠳᠦ | ᠡᠭᠦᠷᠭᠡ ᠶᠢ ᠡᠭᠦᠷᠭᠡᠯᠡᠭᠰᠡᠨ ᠪᠠᠶᠢᠨ᠎ᠠ᠃ ᠡᠷ᠎ᠡ ᠨᠢ ᠲᠥᠪᠡᠳ ᠢ ᠲᠤᠰᠠᠯᠠᠬᠤ ᠠᠵᠢᠯ ᠳᠤ 11 ᠵᠢᠯ ᠣᠷᠣᠯᠴᠠᠨ᠂ ᠬᠤᠶᠠᠷ ᠤᠳᠠᠭ᠎ᠠ ᠭᠤᠷᠪᠠᠳᠤᠭᠠᠷ ᠲᠡᠰ ᠤᠨ ᠭᠠᠪᠢᠶ᠎ᠠ ᠪᠠᠶᠢᠭᠤᠯᠵᠤ᠂ | ᠤᠯᠠᠨ ᠤᠳᠠᠭ᠎ᠠ ᠬᠥᠬᠢᠭᠦᠯᠦᠯ ᠬᠦᠷᠲᠡᠪᠡ᠃ 2011 ᠣᠨ ᠳᠤ ᠡᠷ᠎ᠡ ᠨᠥᠬᠦᠷ ᠨᠢ ᠴᠡᠷᠢᠭ ᠤᠨ ᠬᠤᠪᠴᠠᠰᠤ ᠪᠠᠨ ᠲᠠᠶᠢᠯᠤᠨ ᠴᠠᠭᠳᠠᠭᠠᠨ ᠬᠤᠪᠴᠠᠰᠤ ᠪᠠᠷ ᠰᠣᠯᠢᠭᠰᠠᠨ ᠪᠣᠯᠪᠠᠴᠤ | ᠬᠡᠵᠢᠶ᠎ᠡ ᠴᠦ ᠭᠡᠰᠡᠨ ᠭᠠᠷ ᠤᠲᠠᠰᠤ ᠳᠤᠤᠭᠠᠷᠤᠮᠠᠭᠴᠠ ᠪᠣᠰᠴᠤ ᠶᠠᠪᠤᠳᠠᠭ ᠪᠠᠶᠢᠪᠠ᠃ ᠡᠳᠡᠭᠡᠷ ᠴᠡᠷᠢᠭ ᠤᠨ ᠭᠠᠪᠢᠶᠠᠨ ᠤ ᠲᠡᠮᠳᠡᠭ ᠨᠢ ᠴᠥᠮ ᠡᠬᠡᠨᠡᠷ ᠬᠤᠸᠠᠩ ᠶᠠᠨ ᠴᠢᠩ ᠤᠨ | ᠭᠠᠪᠢᠶ᠎ᠠ ᠭᠡᠵᠦ ᠡᠷ᠎ᠡ ᠨᠥᠬᠦᠷ ᠨᠢ ᠳᠠᠩᠳᠠ ᠬᠡᠯᠡᠬᠦ ᠳᠤ ᠬᠤᠸᠠᠩ ᠶᠠᠨ ᠴᠢᠩ ᠬᠠᠷᠢᠨ ᠨᠠᠰᠤᠲᠠᠨ ᠢ ᠠᠴᠢᠯᠠᠵᠤ᠂ ᠡᠷ᠎ᠡ ᠨᠥᠬᠦᠷ ᠢᠶᠠᠨ ᠳᠡᠮᠵᠢᠨ᠂ ᠦᠷ᠎ᠡ ᠬᠡᠦᠬᠡᠳ ᠢᠶᠠᠨ ᠰᠤᠷᠭᠠᠨ | ᠬᠥᠮᠦᠵᠢᠭᠦᠯᠬᠦ ᠪᠣᠯ ᠲᠡᠭᠦᠨ ᠤ ᠵᠣᠯ ᠵᠢᠷᠭᠠᠯ ᠤᠨ ᠰᠣᠩᠭᠤᠯᠲᠠ ᠮᠥᠨ ᠭᠡᠵᠦ ᠬᠡᠯᠡᠳᠡᠭ᠃ | ᠨᠠ ᠸᠧᠶ ᠶᠦᠨ ᠤ ᠭᠡᠷ ᠪᠦᠯᠢ ᠪᠣᠯ ᠦᠨᠳᠦᠰᠦᠲᠡᠨ ᠤ ᠠᠭᠤᠰᠤᠯᠴᠠᠭᠰᠠᠨ ᠶᠡᠭᠡ ᠭᠡᠷ ᠪᠦᠯᠢ ᠮᠥᠨ᠃ ᠠᠪᠤ ᠨᠢ ᠮᠣᠩᠭᠤᠯ ᠦᠨᠳᠦᠰᠦᠲᠡᠨ᠂ ᠮᠣᠩᠭᠤᠯ ᠬᠢᠲᠠᠳ ᠬᠤᠤᠰ | ᠬᠡᠯᠡᠨ ᠤ ᠰᠤᠷᠭᠠᠨ ᠬᠥᠮᠦᠵᠢᠯ ᠤᠨ ᠠᠵᠢᠯᠲᠠᠨ᠂ ᠡᠵᠢ ᠨᠢ ᠾᠧᠪᠧᠢ ᠨᠤᠲᠤᠭ ᠲᠠᠢ ᠬᠢᠯᠢ ᠬᠢᠵᠠᠭᠠᠷ ᠢ ᠳᠡᠮᠵᠢᠬᠦ ᠪᠠᠭᠰᠢ ᠶᠢᠨ ᠠᠵᠢᠯ ᠲᠠᠢ ᠬᠤᠲᠣᠩ ᠦᠨᠳᠦᠰᠦᠲᠡᠨ᠃ ᠠᠪᠤ | ᠡᠵᠢ ᠶᠢᠨ ᠢᠶᠠᠨ ᠨᠥᠯᠥᠭᠡ ᠪᠠᠷ᠂ ᠨᠠ ᠸᠧᠶ ᠶᠦᠨ ᠢᠷᠠᠭᠤ ᠠᠯᠳᠠᠷᠲᠤ ᠠᠷᠠᠳ ᠤᠨ ᠪᠠᠭᠰᠢ ᠪᠣᠯᠵᠤ᠂ ᠡᠷ᠎ᠡ ᠨᠥᠬᠦᠷ ᠨᠢ ᠬᠢᠲᠠᠳ ᠦᠨᠳᠦᠰᠦᠲᠡᠨ᠂ ᠢᠨᠵᠧᠨᠧᠷ ᠤᠨ ᠠᠵᠢᠯ ᠲᠠᠢ | ᠪᠥᠭᠡᠳ ᠰᠡᠴᠡᠨ ᠰᠡᠷᠭᠦᠯᠡᠩ ᠥᠬᠢᠨ ᠢᠶᠠᠨ ᠨᠡᠮᠡᠪᠡᠯ᠂ ᠡᠨᠡ ᠬᠦ ᠭᠡᠷ ᠪᠦᠯᠢ ᠨᠢ 3 ᠦᠨᠳᠦᠰᠦᠲᠡᠨ ᠢᠶᠠᠷ ᠪᠦᠷᠢᠯᠳᠦᠪᠡ᠃ ᠬᠡᠳᠦ᠋ᠢᠪᠡᠷ ᠦᠨᠳᠦᠰᠦᠲᠡᠨ ᠨᠢ ᠠᠳᠠᠯᠢ ᠦᠭᠡᠢ ᠪᠣᠯᠪᠠᠴᠤ | ᠭᠡᠷ ᠤᠨ ᠬᠥᠮᠦᠰ ᠨᠢ ᠡᠶ᠎ᠡ ᠨᠠᠶᠢᠷᠲᠠᠶ ᠠᠮᠢᠳᠤᠷᠠᠵᠤ᠂ ᠬᠠᠷᠢᠯᠴᠠᠨ ᠬᠦᠨᠳᠦᠳᠬᠡᠨ ᠬᠠᠷᠢᠯᠴᠠᠨ ᠪᠠᠭᠲᠠᠭᠠᠵᠤ ᠪᠠᠶᠢᠳᠠᠭ᠃ ᠠᠵᠢᠯ ᠰᠤᠷᠤᠯᠭ᠎ᠠ ᠳᠤ ᠪᠠᠨ ᠴᠢᠷᠮᠠᠶᠢᠯᠲᠠ ᠲᠠᠢ ᠨᠠ ᠸᠧᠶ | ᠶᠦᠨ ᠣᠯᠠᠨ ᠣᠯᠠᠨ ᠰᠢᠯᠢᠳᠡᠭ ᠰᠤᠷᠤᠭᠴᠢ ᠶᠢ ᠬᠥᠮᠦᠵᠢᠭᠦᠯᠵᠦ᠂ ᠣᠯᠠᠨ ᠵᠢᠯ ᠤᠨ ᠲᠤᠷᠰᠢ ᠠᠩᠭᠢ ᠶᠢᠨ ᠬᠢᠷᠢ ᠪᠦᠲᠦᠮᠵᠢ ᠨᠢ ᠡᠮᠦᠨ᠎ᠡ ᠵᠢᠭᠰᠠᠭᠠᠭᠳᠠᠵᠤ᠂ ᠲᠡᠭᠦᠨ ᠤ ᠡᠷᠬᠢᠯᠡᠨ | ᠪᠢᠴᠢᠭᠰᠡᠨ ᠬᠢᠴᠢᠶᠡᠯ ᠬᠥᠮᠦᠵᠢᠯ ᠤᠨ ᠥᠭᠡᠷᠡᠴᠢᠯᠡᠯᠲᠡ ᠶᠢᠨ ᠲᠥᠰᠦᠯ ᠨᠢ ᠰᠤᠷᠭᠠᠭᠤᠯᠢ ᠶᠢᠨ ᠤᠳᠤᠷᠢᠳᠤᠯᠭ᠎ᠠ᠂ ᠬᠠᠮᠲᠤ ᠠᠵᠢᠯᠯᠠᠭᠴᠢᠳ ᠤᠨ ᠢᠶᠠᠨ ᠰᠠᠶᠢᠨ ᠦᠨᠡᠯᠡᠯᠲᠡ ᠶᠢ | ᠣᠯᠤᠭᠰᠠᠨ ᠪᠠᠶᠢᠨ᠎ᠠ᠃ ᠠᠮᠵᠢᠯᠲᠠ ᠪᠦᠲᠦᠮᠵᠢ ᠪᠠᠷ ᠳᠣᠪᠣᠶᠢᠮ᠎ᠠ ᠨᠠ ᠸᠧᠢ ᠶᠦᠨ ᠤᠷᠢᠳ ᠬᠤᠵᠢᠳ ︽ᠬᠠᠮᠤᠭ ᠤᠨ ᠭᠤᠶᠤ ᠬᠥᠬᠡᠬᠤᠲᠠ ᠶᠢᠨ ᠬᠥᠮᠥᠨ︾᠂ ︽ᠬᠠᠮᠤᠭ ᠤᠨ | ᠭᠤᠶᠤ ᠪᠠᠭᠰᠢ︾᠂ ︽ᠪᠠᠭᠰᠢ ᠶᠢᠨ ᠶᠣᠰᠣ ᠰᠤᠷᠲᠠᠬᠤᠨ ᠤ ᠵᠢᠱᠢᠶᠡᠴᠢ︾᠂ ︽ᠰᠢᠯᠢᠳᠡᠭ ᠡᠪ ᠬᠠᠮᠲᠤ ᠨᠠᠮ ᠤᠨ ᠭᠡᠰᠢᠭᠦᠨ︾ ᠵᠡᠷᠭᠡ ᠶᠡᠭᠡ ᠤᠯᠠᠨ ᠢᠷᠠᠭᠤ ᠠᠯᠳᠠᠷ ᠢ ᠬᠦᠷᠲᠡᠭᠰᠡᠨ | ᠪᠠᠶᠢᠨ᠎ᠠ᠃ |