ᠡᠪᠡᠳᠴᠢᠨ ᠤ ᠢᠯᠡᠷᠡᠯ᠄ ᠬᠠᠷ᠎ᠠ ᠲᠤᠭᠤᠰᠤᠲᠤ ᠡᠪᠡᠳᠴᠢᠨ ᠪᠤᠯ ᠡᠷᠳᠡᠨᠢ ᠰᠢᠰᠢ ᠶᠢᠨ ᠪᠥᠬᠦ᠋ᠢᠯᠡ | ᠥᠷᠡᠵᠢᠯ ᠤᠨ ᠬᠤᠭᠤᠴᠠᠭᠠᠨ ᠳᠤ ᠪᠥᠷ ᠬᠠᠯᠳᠠᠪᠤᠷᠢᠯᠠᠬᠤ ᠪᠤᠯᠤᠯᠴᠠᠭ᠎ᠠ ᠲᠠᠢ ᠡᠪᠡᠳᠴᠢᠨ ᠪᠤᠯᠤᠨ᠎ᠠ᠂ ᠡᠷᠳᠡᠨᠢ | ᠰᠢᠰᠢ ᠶᠢᠨ ᠥᠨᠳᠥᠰᠤ᠂ ᠡᠰᠢ᠂ ᠨᠠᠪᠴᠢ᠂ ᠨᠠᠪᠴᠢ ᠶᠢᠨ ᠲᠤᠭᠲᠤᠢ᠂ ᠡᠮ᠎ᠡ ︵ᠡᠷ᠎ᠡ︶ ᠲᠥᠷᠥᠭᠦᠥ ᠪᠥᠷ | ᠬᠥᠨᠥᠭᠡᠭᠳᠡᠨᠡ᠃ ᠡᠪᠡᠳᠴᠢᠨ ᠤ ᠨᠡᠭᠡᠳᠡᠰᠤ ᠬᠠᠪᠤᠳᠤᠭᠠᠳ ᠪᠡᠲᠡᠭᠢ ᠪᠤᠯᠵᠤ᠂ ᠡᠪᠡᠳᠴᠢᠨ ᠤ ᠪᠡᠲᠡᠭᠢ ᠶᠢᠨ | ᠭᠠᠳᠠᠷᠭᠤ ᠳᠤ ᠴᠠᠭᠠᠨ ᠥᠡᠭᠭᠡ᠂ ᠴᠠᠶᠢᠪᠤᠷ ᠤᠯᠠᠭᠠᠨ ᠥᠡᠭᠭᠡ᠂ ᠰᠡᠭᠦᠯᠡᠷ ᠨᠢ ᠠᠭᠠᠵᠢᠮ ᠢᠶᠠᠷ ᠥᠨᠡᠰᠤᠨ ᠰᠠᠭᠠᠷᠠᠯ | ᠥᠡᠭᠭᠡ ᠠᠴᠠ ᠬᠥᠷᠡᠩ ᠥᠡᠭᠭᠡ ᠲᠠᠢ ᠨᠢᠮᠬᠡᠨ ᠪᠥᠷᠬᠦᠭᠦᠯ ᠪᠤᠯᠵᠤ ᠬᠠᠮᠤᠭ ᠰᠡᠭᠦᠯᠡᠷ ᠨᠢ ᠭᠠᠳᠠᠷ ᠬᠠᠯᠢᠰᠤ ᠨᠢ | ᠬᠠᠭᠠᠷᠠᠵᠤ᠂ ᠬᠠᠷ᠎ᠠ ᠬᠥᠷᠡᠩ ᠥᠡᠭᠭᠡ ᠲᠠᠢ ᠲᠤᠭᠤᠰᠤ ᠲᠠᠷᠬᠠᠨ ᠭᠠᠷᠤᠨ᠎ᠠ᠃ ᠤᠯᠠᠩᠬᠢ ᠳᠠᠭᠠᠨ ᠨᠠᠪᠴᠢᠨ ᠢᠯᠲᠠᠰᠤ | ᠪᠠ ᠨᠠᠪᠴᠢᠨ ᠲᠤᠭᠲᠤᠢ ᠲᠡᠭᠡᠷᠡᠬᠢ ᠪᠡᠲᠡᠭᠢ ᠬᠠᠷᠢᠴᠠᠩᠭᠤᠢ ᠪᠠᠭ᠎ᠠ ᠪᠠᠶᠢᠵᠤ᠂ ᠳ᠋ᠢᠶᠠᠮᠧᠳ᠋ᠷ ᠨᠢ ᠵᠥᠪᠬᠡᠨ 1~ 2 | ᠰᠡᠨᠲ᠋ᠢᠮᠧᠲᠷ ᠪᠤᠶᠤ ᠨᠡᠩ ᠪᠠᠭ᠎ᠠ᠂ ᠪᠠᠷᠤᠭᠲᠠᠢ ᠳᠠᠭᠠᠨ ᠬᠠᠷ᠎ᠠ ᠲᠤᠭᠤᠰᠤ ᠡᠭᠦᠰᠬᠦ ᠥᠭᠡᠢ᠃ ᠡᠰᠢ ᠶᠢᠨ ᠥᠶ᠎ᠡ ᠪᠠ | ᠲᠠᠷᠢᠶᠠᠨ ᠲᠥᠷᠥᠭᠦᠥ ᠳᠡᠭᠡᠷᠡᠬᠢ ᠪᠡᠲᠡᠭᠢ ᠬᠠᠷᠢᠴᠠᠩᠭᠤᠢ ᠶᠡᠭᠡ᠂ ᠳ᠋ᠢᠶᠠᠮᠧᠳ᠋ᠷ ᠨᠢ 15 ᠰᠡᠨᠲ᠋ᠢᠮᠧᠲᠷ ᠬᠥᠷᠥᠨ᠎ᠡ᠃ | ᠨᠢᠭᠡ ᠰᠠᠭᠤᠷᠢ ᠡᠷᠳᠡᠨᠢ ᠰᠢᠰᠢ ᠤᠯᠠᠨ ᠠᠷᠪᠢᠨ ᠡᠪᠡᠳᠴᠢᠨ ᠤ ᠪᠡᠲᠡᠭᠢ ᠡᠭᠦᠰᠥᠨᠡ᠃ ᠡᠷ᠎ᠡ ᠲᠥᠷᠥᠭᠦᠥ ᠶᠢᠨ | ᠡᠪᠡᠳᠴᠢᠨ ᠳᠤ ᠬᠥᠨᠥᠭᠡᠭᠳᠡᠭᠰᠡᠨ ᠬᠡᠰᠡᠭ ᠲᠤ ᠤᠯᠠᠨ ᠤᠭᠤᠲᠠ ᠬᠡᠯᠪᠡᠷᠢᠲᠠᠢ ᠪᠤᠶᠤ ᠡᠪᠡᠷ ᠬᠡᠯᠪᠡᠷᠢᠲᠠᠢ ᠪᠡᠲᠡᠭᠢ | ᠭᠠᠷᠴᠤ᠂ ᠡᠷ᠎ᠡ ᠲᠥᠷᠥᠭᠦᠥ ᠶᠢᠨ ᠡᠪᠡᠳᠴᠢᠨ ᠳᠤ ᠬᠥᠨᠥᠭᠡᠭᠳᠡᠬᠦ ᠬᠡᠰᠡᠭ ᠨᠢ ᠤᠯᠠᠩᠬᠢ ᠳᠠᠭᠠᠨ ᠳᠡᠭᠡᠷ᠎ᠡ ᠬᠠᠭᠠᠰ | ᠬᠡᠰᠡᠭ ᠨᠢ ᠪᠠᠶᠢᠵᠤ᠂ ᠵᠥᠪᠬᠡᠨ ᠭᠠᠭᠴᠠ ᠬᠤᠶᠠᠷ ᠪᠢᠴᠢᠬᠠᠨ ᠬᠤᠧᠠᠷ ᠨᠢ ᠡᠪᠡᠳᠴᠢᠨ ᠳᠤ ᠨᠡᠷᠪᠡᠭᠳᠡᠨ᠎ᠡ᠂ | ᠪᠤᠰᠤᠳ ᠨᠢ ᠪᠥᠷ ᠥᠷᠡᠯᠡᠵᠤ ᠳᠡᠶᠢᠯᠤᠨ᠎ᠡ᠂ ᠪᠥᠬᠦ᠋ᠢᠯᠡ ᠲᠠᠷᠢᠶᠠᠨ ᠲᠥᠷᠥᠭᠦᠥ ᠪᠥᠷ ᠬᠤᠤᠷᠯᠠᠭᠳᠠᠪᠠᠯ ᠨᠢᠭᠡ ᠶᠡᠭᠡ | ᠡᠪᠡᠳᠴᠢᠨ ᠤ ᠪᠡᠲᠡᠭᠢ ᠪᠤᠯᠤᠨ᠎ᠠ᠃ | ᠡᠪᠡᠳᠴᠢᠯᠡᠬᠦ ᠵᠢᠮ᠎ᠡ ᠶᠤᠰᠤ᠄ ᠡᠪᠡᠳᠴᠢᠨ ᠤ ᠪᠠᠺᠲ᠋ᠧᠷᠢ ᠢᠴᠡᠭᠡᠯᠡᠭᠰᠡᠨ ᠰᠫᠤᠷ ᠤᠨ ᠬᠡᠯᠪᠡᠷᠢ ᠪᠠᠷ ᠬᠥᠷᠤᠰᠤᠨ | ᠲᠤᠲᠤᠷ᠎ᠠ ᠪᠠ ᠡᠪᠡᠳᠴᠢᠨ ᠲᠠᠢ ᠡᠰᠢᠨ ᠳᠡᠭᠡᠷ᠎ᠡ ᠡᠪᠤᠯᠵᠢᠨ᠎ᠡ᠂ ᠬᠠᠪᠤᠷ ᠤᠨ ᠤᠯᠠᠷᠢᠯ ᠨᠥᠭᠦᠴᠡᠯ ᠲᠤᠬᠢᠷᠠᠮᠵᠢᠲᠠᠢ | ᠥᠶᠡᠰ ᠨᠠᠬᠢᠶᠠᠯᠠᠭᠠᠳ ᠪᠠᠷᠢᠭᠤᠯᠳᠤ ᠰᠫᠤᠷ ᠪᠤᠯᠵᠤ᠂ ᠬᠡᠢ ᠶᠢᠨ ᠤᠷᠤᠰᠬᠠᠯ ᠢᠶᠠᠷ ᠳᠠᠮᠵᠢᠵᠤ᠂ ᠡᠷᠳᠡᠨᠢ ᠰᠢᠰᠢ ᠶᠢᠨ | ᠴᠢᠬᠢᠯᠡᠬᠦ ᠥᠶ᠎ᠡ ᠪᠠ ᠡᠰᠢᠯᠡᠬᠦ ᠥᠶᠡᠰ ᠵᠠᠯᠭ᠎ᠠ ᠪᠠᠷ ᠡᠪᠡᠳᠴᠢᠨ ᠳᠤ ᠨᠡᠷᠪᠡᠭᠳᠡᠨ᠎ᠡ᠃ ᠰᠫᠤᠷ ᠨᠠᠬᠢᠶᠠᠯᠠᠬᠤ | ᠲᠤᠬᠢᠷᠠᠮᠵᠢᠲᠠᠢ ᠳᠤᠯᠠᠭᠠᠨ 26 ~ 30 ᠼᠧᠯᠰ ᠤᠨ ᠭᠷᠠᠳᠦ᠋ᠰ᠃ ᠡᠷᠳᠡᠨᠢ ᠰᠢᠰᠢ ᠶᠢᠨ ᠰᠠᠭᠤᠷᠢ ᠶᠢᠨ | ᠬᠤᠭᠤᠷᠤᠨᠳᠤᠬᠢ ᠵᠠᠢ ᠬᠡᠳᠤ ᠶᠡᠭᠡ᠂ ᠠᠽᠤᠲ ᠤᠨ ᠪᠤᠷᠳᠤᠭᠤᠷ ᠢᠯᠡᠭᠦᠥ ᠤᠷᠤᠭᠤᠯᠪᠠᠯ ᠰᠢᠷᠬ᠎ᠠ ᠲᠠᠢ ᠨᠡᠬᠡᠳᠡᠰᠤ | ᠠᠮᠠᠷᠬᠠᠨ ᠡᠪᠡᠳᠴᠢᠨ ᠳᠤ ᠨᠡᠷᠪᠡᠭᠳᠡᠨ᠎ᠡ᠃ ᠪᠠᠺᠲ᠋ᠧᠷᠢ ᠶᠢᠨ ᠡᠬᠢ ᠠᠷᠪᠢᠨ᠂ ᠲᠤᠨᠤᠳᠠᠰᠤ ᠠᠷᠪᠢᠨ᠂ ᠴᠢᠭᠢᠭ ᠶᠡᠭᠡ | ᠪᠤᠯ ᠡᠪᠡᠳᠴᠢᠨ ᠡᠭᠦᠰᠬᠦ ᠪᠠᠶᠢᠳᠠᠯ ᠬᠥᠨᠳᠥ ᠨᠤᠴᠢᠲᠠᠢ ᠪᠤᠯᠳᠠᠭ᠃ | ᠰᠡᠷᠭᠡᠶᠢᠯᠡᠨ ᠵᠠᠰᠠᠬᠤ ᠠᠷᠭ᠎ᠠ᠄ 1. ᠡᠪᠡᠳᠴᠢᠨ ᠢ ᠡᠰᠡᠷᠭᠦᠴᠡᠬᠦ ᠰᠢᠯᠢᠳᠡᠭ ᠡᠭᠦᠯᠳᠡᠷ ᠢ ᠰᠤᠩᠭᠤᠬᠤ᠄ | ᠥᠨᠳᠥᠷ ᠤᠨᠠᠯᠲᠠ ᠲᠠᠢ᠂ ᠴᠢᠨᠠᠷ ᠰᠠᠶᠢᠲᠠᠢ ᠮᠥᠷᠲᠡᠭᠡᠨ ᠬᠠᠷ᠎ᠠ ᠲᠤᠭᠤᠰᠤᠲᠤ ᠡᠪᠡᠳᠴᠢᠨ ᠢ ᠰᠡᠷᠭᠡᠶᠢᠯᠡᠬᠦ ᠳᠤ | ᠡᠷᠯᠢᠰᠡᠵᠢᠭᠦᠯᠥᠨ ᠪᠤᠶᠢᠵᠢᠭᠤᠯᠤᠭᠰᠠᠨ ᠥᠷ᠎ᠡ ᠶᠢ ᠰᠤᠩᠭᠤᠨ᠎ᠠ᠃ ᠬᠡᠷᠪᠡ ᠡᠪᠡᠳᠴᠢᠨ ᠢ ᠡᠰᠡᠷᠭᠦᠴᠡᠵᠤ ᠳᠠᠶᠢᠯᠬᠦ | ᠤᠷᠤᠨ ᠨᠤᠲᠤᠭ ᠤᠨ ᠰᠢᠯᠢᠳᠡᠭ ᠡᠭᠦᠯᠳᠡᠷ ᠪᠠᠶᠢᠪᠠᠯ ᠲᠤᠬᠠᠢ ᠶᠢᠨ ᠭᠠᠵᠠᠷ ᠲᠤᠨᠢ ᠰᠤᠩᠭᠤᠵᠤ᠂ ᠲᠤᠬᠠᠢ ᠶᠢᠨ | ᠭᠠᠵᠠᠷ ᠲᠤᠨᠢ ᠲᠥᠭᠡᠮᠡᠯᠵᠢᠭᠦᠯᠥᠨ ᠬᠡᠷᠡᠭᠯᠡᠪᠠᠯ ᠵᠤᠬᠢᠰᠳᠠᠢ᠃ 2. ᠬᠠᠯᠳᠠᠪᠥᠷᠢᠯᠠᠯ ᠤᠨ ᠡᠬᠢ ᠶᠢ ᠪᠠᠭᠠᠰᠬᠠᠬᠤ ᠪᠤᠶᠤ | ᠬᠢᠵᠠᠭᠠᠷᠯᠠᠬᠤ᠄ ᠡᠷᠲᠡ ᠥᠶᠡᠰ ᠡᠪᠡᠳᠴᠢᠨ ᠤ ᠪᠡᠲᠡᠭᠢ ᠶᠢ ᠤᠭᠲᠤᠯᠤᠨ ᠬᠠᠶᠠᠨ᠎ᠠ᠂ ᠨᠠᠮᠤᠷ ᠤᠨ ᠬᠤᠷᠢᠶᠠᠯᠲᠠ | ᠪᠠᠷᠠᠭᠰᠠᠨ ᠤ ᠳᠠᠷᠠᠭ᠎ᠠ ᠲᠠᠷᠢᠶᠠᠨ ᠲᠤᠲᠤᠷᠠᠬᠢ ᠡᠪᠡᠳᠴᠢᠨ ᠲᠠᠢ ᠡᠰᠢ ᠰᠥᠷᠡᠯ ᠢ ᠴᠠᠭ ᠲᠤᠬᠠᠢ ᠳᠤᠨᠢ ᠠᠷᠢᠯᠭᠠᠨ᠎ᠠ᠂ | ᠭᠥᠢᠴᠡᠳ ᠢᠯᠵᠢᠷᠠᠨ ᠪᠤᠯᠪᠠᠰᠤᠷᠠᠭᠰᠠᠨ ᠪᠤᠷᠳᠤᠭᠤᠷ ᠤᠷᠤᠭᠤᠯᠵᠤ᠂ ᠬᠠᠯᠳᠠᠪᠤᠷᠢᠯᠠᠯ ᠤᠨ ᠡᠬᠢ ᠶᠢ ᠪᠠᠭᠠᠰᠬᠠᠨ᠎ᠠ᠃ | ᠬᠥᠨᠳᠥ ᠨᠤᠴᠢᠲᠠᠢ ᠬᠠᠯᠳᠠᠪᠤᠷᠢᠯᠠᠭᠳᠠᠭᠰᠠᠨ ᠲᠠᠷᠢᠶᠠᠨ ᠭᠠᠵᠠᠷ ᠢ 2 ~ 3 ᠵᠢᠯ ᠡᠭᠡᠯᠵᠢᠯᠡᠨ ᠲᠠᠷᠢᠨ᠎ᠠ᠃ 3. | ᠲᠠᠷᠢᠶᠠᠨ ᠭᠠᠵᠠᠷ ᠤᠨ ᠣᠰᠤ ᠪᠤᠷᠳᠤᠭᠤᠷ ᠤᠨ ᠬᠠᠮᠢᠶᠠᠷᠤᠯᠲᠠ ᠪᠠᠨ ᠴᠢᠩᠭᠠᠳᠬᠠᠬᠤ᠄ ᠵᠤᠬᠢᠰᠲᠠᠢ ᠴᠠᠭ ᠥᠶ᠎ᠡ ᠳᠤ | ᠲᠠᠷᠢᠵᠤ᠂ ᠵᠤᠬᠢᠰᠲᠠᠢ ᠨᠢᠭᠲᠠ ᠲᠠᠷᠢᠨ᠎ᠠ᠂ ᠥᠷ᠎ᠡ ᠬᠠᠶᠠᠬᠤ ᠶᠠᠰᠤ ᠴᠢᠨᠠᠷ ᠢ ᠳᠡᠭᠡᠭᠰᠢᠯᠡᠭᠦᠯᠵᠤ᠂ ᠤᠰᠤ | ᠪᠤᠷᠳᠤᠭᠤᠷ ᠤᠨ ᠬᠠᠮᠢᠶᠠᠷᠤᠯᠲᠠ ᠪᠠᠨ ᠴᠢᠩᠭᠠᠳᠬᠠᠨ᠎ᠠ᠂ ᠠᠽᠤᠲ ᠹᠤᠰᠹᠤᠷ ᠺᠠᠯᠢ ᠪᠤᠷᠳᠤᠭᠤᠷ ᠢ ᠵᠤᠬᠢᠰᠲᠠᠢ | ᠲᠤᠬᠢᠷᠠᠭᠤᠯᠬᠤ ᠶᠢ ᠠᠩᠬᠠᠷᠬᠤ ᠬᠡᠷᠡᠭᠲᠠᠢ᠂ ᠠᠽᠤᠲ ᠤᠨ ᠪᠤᠷᠳᠤᠭᠤᠷ ᠢ ᠢᠯᠡᠭᠦᠥ ᠤᠷᠤᠭᠤᠯᠵᠤ ᠪᠤᠯᠬᠤ ᠥᠭᠡᠢ᠂ | ᠲᠡᠨᠡᠭ ᠤᠷᠭᠤᠬᠤ ᠠᠴᠠ ᠰᠡᠷᠭᠡᠶᠢᠯᠡᠨ᠎ᠡ᠃ |