5 ᠰᠠᠷ᠎ᠠ ᠶᠢᠨ 19 — 20 ᠤ ᠡᠳᠥᠷ ᠪᠤᠯᠲᠠᠯ᠎ᠠ᠂ ᠬᠤᠶᠠᠳᠤᠭᠠᠷ ᠬᠤᠭᠤᠴᠠᠭᠠᠨ ᠤ ᠪᠥᠬᠦ ᠤᠷᠤᠨ ᠤ | ᠮᠤᠩᠭᠤᠯᠬᠤᠱᠤᠩ ᠱᠤᠭ ᠤᠨ ᠨᠠᠭᠠᠳᠤᠮ ᠥᠪᠥᠷ ᠮᠤᠩᠭᠤᠯ ᠤᠨ ᠥᠯᠢᠭᠡᠷ ᠤᠷᠠᠯᠢᠭ ᠤᠨ ᠤᠷᠳᠤᠨ ᠳᠤ | ᠬᠥᠭᠵᠢᠶᠡᠨ ᠲᠠᠢ ᠶᠠᠪᠤᠭᠳᠠᠵᠠᠢ᠃ | ᠥᠨᠳᠥᠰᠥᠲᠡᠨ ᠤ ᠪᠠᠨ ᠤᠯᠠᠮᠵᠢᠯᠠᠯᠲᠥ ᠳᠠᠭᠤᠤᠷᠢᠯᠢᠭ ᠢ ᠳᠡᠯᠭᠡᠷᠡᠭᠦᠯᠥᠨ ᠤᠯᠠᠮᠵᠢᠯᠠᠵᠤ᠂ ᠨᠡᠶᠢᠭᠡᠮ | ᠵᠢᠷᠤᠮ ᠤᠨᠭᠤᠤᠯᠯᠠᠭᠴᠢ ᠥᠷᠲᠡᠭ ᠤᠨ ᠥᠵᠡᠯᠲᠡ ᠶᠢ ᠭᠥᠨᠵᠡᠭᠡᠢ ᠥᠢᠯᠡᠳᠥᠯᠭᠡᠵᠢᠭᠦᠯᠥᠨ ᠪᠠᠳᠠᠷᠠᠭᠤᠯᠵᠤ᠂ ᠮᠠᠨ ᠤ | ᠤᠷᠤᠨ ᠤ ᠳᠠᠭᠤᠤᠷᠢᠯᠢᠭᠤᠷᠠᠯᠢᠭ ᠤᠨ ᠵᠤᠬᠢᠴᠠᠩᠭᠤᠢ ᠬᠥᠭᠵᠢᠯᠲᠡ ᠶᠢ ᠠᠬᠢᠭᠤᠯᠤᠨ᠂ ᠮᠤᠩᠭᠤᠯ ᠰᠤᠶᠤᠯ ᠤᠨ | ᠴᠡᠴᠡᠭᠯᠡᠨ ᠭᠥᠭᠵᠢᠯ ᠳᠤ ᠬᠤᠪᠢ ᠨᠡᠮᠡᠷᠢᠥᠵᠡᠭᠦᠯᠬᠦ ᠶᠢ ᠵᠤᠷᠢᠭᠰᠠᠨ ᠲᠤᠰ ᠤᠳᠠᠭᠠᠨ ᠤ ᠨᠠᠭᠠᠳᠤᠮ ᠢ ᠥᠪᠥᠷ | ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭᠠᠪᠠ ᠥᠪᠥᠷ ᠮᠤᠩᠭᠤᠯ ᠤᠨ ᠰᠤᠶᠤᠯ ᠪᠠ ᠵᠢᠭᠤᠯᠴᠢᠯᠠᠯ ᠤᠨ | ᠲᠢᠩᠬᠢᠮ ᠠᠴᠠ ᠭᠤᠤᠯᠯᠠᠨ ᠡᠷᠬᠢᠯᠡᠵᠤ᠂ ᠥᠪᠥᠷ ᠮᠤᠩᠭᠤᠯ ᠤᠨᠲ᠋ᠠᠭᠤᠤᠷᠢᠯᠢᠭ ᠤᠨ ᠡᠪᠯᠡᠯ ᠠᠴᠠ ᠳᠠᠭᠠᠭᠠᠴᠢᠯᠠᠨ | ᠡᠷᠬᠢᠯᠡᠭᠰᠡᠨ ᠪᠠᠶᠢᠨ᠎ᠠ᠃ | ᠬᠤᠶᠠᠳᠤᠭᠠᠷ ᠬᠤᠭᠤᠴᠠᠭᠠᠨ ᠤ ᠪᠥᠬᠦ ᠤᠷᠤᠨ ᠤ ᠮᠤᠩᠭᠤᠯ ᠬᠤᠱᠤᠩ ᠱᠤᠭ ᠤᠨ ᠨᠠᠭᠠᠳᠤᠮ ᠨᠢ ᠠᠪᠢᠶᠠᠰ | ᠪᠢᠯᠢᠭ ᠤᠨᠰᠤᠷᠢᠭᠠᠨ᠂ ᠰᠤᠳᠤᠯᠤᠨ ᠶᠠᠷᠢᠯᠴᠠᠬᠤ ᠬᠤᠷᠠᠯ᠂ ᠱᠠᠩᠨᠠᠯ ᠤᠯᠭᠤᠬᠤ ᠶᠤᠰᠤᠯᠠᠯ ᠵᠡᠷᠭᠡ ᠭᠤᠷᠪᠠᠨ | ᠠᠭᠤᠯᠭ᠎ᠠ ᠪᠠᠷ ᠬᠤᠶᠠᠷ ᠡᠳᠥᠷ ᠤᠨᠬᠤᠭᠤᠴᠠᠭ᠎ᠠ ᠪᠠᠷ ᠢᠳᠡ ᠬᠥᠭ ᠲᠠᠢ ᠶᠠᠪᠤᠭᠳᠠᠭᠰᠠᠨ ᠪᠠᠶᠢᠨ᠎ᠠ᠃ ᠲᠤᠰ | ᠤᠳᠠᠭᠠᠨ ᠤ ᠲᠡᠮᠡᠴᠡᠭᠡᠨ ᠳᠤ 17 ᠤᠷᠠᠨ ᠪᠥᠲᠥᠭᠡᠯᠥᠷᠢᠰᠥᠯᠳᠥᠵᠤ᠂ ᠰᠢᠯᠢ ᠶᠢᠨ ᠭᠤᠤᠯ ᠠᠶᠢᠮᠠᠭ ᠤᠨ | ᠰᠥᠨᠢᠳ ᠵᠡᠭᠦᠨ ᠬᠤᠰᠢᠭᠤᠨ ᠤ ᠤᠯᠠᠭᠠᠨᠮᠦ᠋ᠴᠢᠷ ᠠᠴᠠ ᠲᠤᠭᠯᠠᠭᠰᠠᠨ︽ᠡᠪᠦᠭᠡ ᠶᠢᠨ ᠥᠯᠢᠭᠡᠷ︾ ᠭᠡᠬᠦ | ᠪᠥᠲᠥᠭᠡᠯ ᠨᠢ ᠬᠤᠱᠤᠩ ᠱᠤᠭ ᠤᠨ ᠨᠠᠭᠠᠳᠤᠮ ᠤᠨ ᠬᠠᠮᠤᠭ ᠤᠨ ᠥᠨᠳᠥᠷ ᠱᠠᠩ ᠪᠤᠯᠬᠤ︽ᠱᠠᠭᠳᠠᠷ︾ | ᠱᠠᠩᠨᠠᠯ ᠢ ᠰᠢᠭᠦᠷᠴᠤ᠂ ᠠᠯᠠᠱᠠ ᠠᠶᠢᠮᠠᠭ ᠤᠨ ᠵᠡᠭᠦᠨ ᠬᠤᠰᠢᠭᠤᠨ ᠤ ᠰᠤᠶᠤᠯ ᠤᠨ ᠤᠷᠳᠤᠨ᠂ | ᠤᠯᠠᠭᠠᠨᠴᠠᠪᠬᠤᠲᠠ ᠶᠢᠨ ᠴᠠᠬᠠᠷ ᠪᠠᠷᠠᠭᠤᠨ ᠭᠠᠷᠤᠨ ᠬᠤᠶᠢᠲᠥ ᠬᠤᠰᠢᠭᠤᠨ ᠤ ᠤᠯᠠᠭᠠᠨᠮᠦ᠋ᠴᠢᠷ ᠵᠡᠷᠭᠡ | ᠪᠠᠶᠢᠭᠤᠯᠭ᠎ᠠ ᠨᠢᠭᠡᠴᠡ ᠶᠢᠨ︽ᠭᠠᠴᠠᠭᠠᠨ ᠳᠤ ᠰᠠᠭᠤᠭ᠎ᠠ ᠺᠠᠳ᠋ᠷ︾᠂ ︽ᠨᠢᠭᠡ ᠬᠤᠨᠳᠠᠭ᠎ᠠ ᠠᠷᠢᠬᠢ︾ ᠵᠡᠷᠭᠡ 8 | ᠪᠥᠲᠥᠭᠡᠯ ᠨᠢ ᠰᠢᠯᠢᠳᠡᠭ ᠪᠥᠲᠥᠭᠡᠯ ᠤᠨᠱᠠᠩ ᠳᠤ ᠳᠤᠲᠤᠷᠠᠵᠤ᠂ ᠰᠢᠯᠢᠳᠡᠭ ᠤᠳᠤᠷᠢᠳᠤᠭᠠᠴᠢ ᠢᠶᠠᠷ | ᠪᠠᠶᠠᠨᠴᠡᠩᠭᠡᠯ︔ ᠰᠢᠯᠢᠳᠡᠭ ᠵᠤᠬᠢᠶᠠᠨ ᠪᠥᠲᠥᠭᠡᠭᠴᠢ ᠪᠠᠷᠰᠡᠴᠡᠩᠭᠤᠸᠠ︔ ᠤᠨᠴᠠ ᠪᠠᠶᠢᠷᠢ ᠶᠢᠨ ᠡᠷᠡᠭᠲᠠᠢ ᠡᠮᠡᠭᠲᠠᠢ | ᠲᠤᠭᠯᠠᠭᠴᠢ ᠪᠠᠷ ᠰᠥᠨᠬᠠᠢᠢᠷᠠ᠂ ᠲᠤᠯᠢ︔ ᠰᠢᠨ᠎ᠡ ᠬᠥᠮᠥᠨ ᠤ ᠱᠠᠩᠨᠠᠯ ᠢᠪᠠᠶᠠᠨᠬᠦᠥ᠂ ᠰᠤᠮᠢᠶ᠎ᠠ︔ ᠰᠢᠯᠢᠳᠡᠭ ᠵᠤᠬᠢᠶᠠᠨ | ᠪᠠᠶᠢᠭᠤᠯᠤᠭᠴᠢ ᠶᠢᠨ ᠬᠤᠪᠢ ᠪᠠᠷ ᠨᠠᠨᠳᠢᠨᠪᠢᠯᠢᠭ᠌ ᠲᠤᠰ ᠲᠤᠰ ᠲᠤᠳᠤᠷᠠᠭᠰᠠᠨᠪᠠᠶᠢᠨᠠ᠃ | ᠬᠤᠱᠤᠩ ᠤᠷᠠᠯᠢᠭ ᠨᠢ ᠨᠢᠭᠡᠨ ᠥᠨᠳᠥᠰᠥᠲᠡᠨ ᠤ ᠠᠪᠢᠶᠠᠰ ᠪᠢᠯᠢᠭ᠂ ᠬᠤᠷᠴᠠ ᠠᠪᠬᠠᠯᠵᠢ ᠶᠢᠨ ᠢᠯᠡᠷᠡᠯ | ᠶᠤᠮ᠃ᠬᠤᠱᠤᠩ ᠶᠥᠮᠦᠷᠯᠢᠭ ᠪᠠᠶᠢᠬᠤ ᠨᠢ ᠠᠵᠤ ᠠᠮᠢᠳᠤᠷᠠᠯ ᠳᠤ ᠪᠠᠶᠠᠷ ᠪᠠᠶᠠᠰᠤᠯ ᠪᠢᠯᠬᠠᠭᠤᠯᠤᠨ ᠬᠥᠮᠥᠰ ᠲᠤ | ᠵᠥᠪ ᠠᠸ᠋ᠷᠭᠢ ᠵᠢᠲ᠋ᠠᠮᠵᠢᠭᠤᠯᠬᠤ ᠶᠢᠨ ᠤᠯᠠᠮ ᠢᠶᠠᠷ ᠨᠡᠶᠢᠭᠡᠮ ᠤᠨ ᠬᠥᠭᠵᠢᠯ ᠳᠤ ᠥᠪᠡᠷ ᠤᠨ ᠭᠡᠬᠦ ᠨᠡᠮᠡᠷᠢ ᠪᠠᠨ | ᠡᠷᠭᠦᠵᠤ ᠪᠠᠶᠢᠳᠠᠭ ᠠᠮᠢᠳᠤᠷᠠᠯᠤᠷᠠᠯᠢᠭ ᠤᠨ ᠠᠭᠤᠰᠤᠯᠴᠠᠯ ᠶᠤᠮ᠃ ᠬᠤᠶᠠᠳᠤᠭᠠᠷ ᠬᠤᠭᠤᠴᠠᠭᠠᠨ ᠤ ᠮᠤᠩᠭᠤᠯ | ᠬᠤᠱᠤᠩ ᠱᠤᠭ ᠤᠨ ᠨᠠᠭᠠᠳᠤᠮ ᠤᠨ ᠵᠤᠬᠢᠶᠠᠨᠪᠠᠶᠢᠭᠤᠯᠬᠤ ᠺᠤᠮᠢᠰ ᠠᠴᠠ ᠥᠪᠥᠷ ᠮᠤᠩᠭᠤᠯ ᠤᠷᠤᠨ ᠤ | ᠬᠤᠱᠤᠩ ᠤᠷᠠᠯᠢᠭ ᠤᠨ ᠥᠢᠯᠡᠰ ᠲᠤ ᠭᠥᠨ ᠵᠢᠳᠬᠦᠯ ᠵᠶ᠋ᠠᠨᠥᠵᠡᠭᠦᠯᠥᠭᠰᠡᠨ ᠭᠠᠩᠭᠠᠮᠦ᠋ᠷᠡᠨ᠂ ᠰᠤ · ᠲᠤᠷᠵᠢᠵᠠᠪ᠂ | ᠥᠷᠭᠡᠨᠳᠡᠯᠭᠡᠷ᠂ ᠤᠶᠤᠨᠰᠠᠩ᠂ ᠥᠯᠵᠠᠶᠢᠲᠥ᠂ ᠯ᠊ · ᠬᠠᠰᠪᠠᠶᠠᠷ ᠵᠡᠷᠭᠡᠵᠢᠷᠭᠤᠭᠠᠨ ᠤᠷᠠᠯᠢᠭᠴᠢᠳ ᠲᠤ ︽ᠭᠠᠪᠢᠶᠠᠲᠥ︾ | ᠴᠤᠯᠠ ᠬᠥᠷᠲᠡᠭᠡᠨ ᠲᠠᠷᠬᠠᠯᠠᠭᠰᠠᠨ ᠪᠠᠶᠢᠨ᠎ᠠ᠃ ︵ᠰᠥᠬᠡ ᠮᠡᠳᠡᠭᠡᠯᠡᠪᠡ︶ | | | | | | |