ᠬᠡᠦᠭᠡᠳ ᠨᠤᠶᠢᠷ ᠲᠤᠲᠠᠭᠤ ᠪᠤᠯᠪᠠᠯ ᠬᠡᠳᠦ ᠮᠠᠷᠢᠶᠠᠯᠠᠵᠤ ᠪᠡᠶ᠎ᠡ ᠶᠢᠨ ᠬᠦᠨᠳᠦ ᠨᠢ ᠪᠠᠷᠢᠮᠵᠢᠶ᠎ᠠ ᠠᠴᠠ ᠬᠡᠳᠦᠷᠡᠭᠡᠳ ᠵᠢᠷᠦᠬᠡᠨ ᠡᠪᠡᠳᠴᠢᠨ ᠪᠠ  ᠰᠢᠬᠢᠷ ᠰᠢᠵᠢᠩ ᠡᠪᠡᠳᠴᠢᠨ ᠤᠯᠬᠤ ᠠᠶᠤᠯ ᠲᠠᠢ ᠪᠤᠯᠤᠨ᠎ᠠ
ᠨᠡᠶᠢᠲᠡᠯᠡᠭᠰᠡᠨ ᠴᠠᠭ᠄
2019/5/21
     ᠠᠩᠭ᠍ᠯᠢ ᠶᠢᠨ ᠨᠢᠭᠡᠨ ᠰᠤᠳᠤᠯᠭᠠᠨ ᠤ ᠳ᠋ᠦᠩ ᠠᠴᠠ ᠦᠵᠡᠪᠡᠯ᠂ ᠬᠡᠦᠭᠡᠳ ᠨᠤᠶᠢᠷ ᠲᠤᠲᠠᠭᠤ  ᠪᠤᠯᠪᠠᠯ  ᠬᠡᠳᠦ  ᠮᠠᠷᠢᠶᠠᠯᠠᠬᠤ‌‍ᠪᠤᠯᠤᠮᠵᠢ ᠨᠢ ᠶᠡᠬᠡᠲᠡ ᠨᠡᠮᠡᠭᠲᠡᠬᠦ ᠪᠤᠯᠤᠨ᠎ᠠ᠃              ᠬᠡᠦᠭᠡᠳ ᠤᠨ ᠬᠡᠳᠦ ᠮᠠᠷᠢᠶᠠᠯᠠᠬᠤ ᠪᠠ ᠤᠨᠲᠠᠬᠤ ᠶᠢᠨ ᠬᠤᠭᠤᠷᠤᠨᠲᠤᠬᠢ ᠬᠠᠷᠢᠴᠠᠭ᠎ᠠ   ᠶᠢ  ᠰᠤᠳᠤᠯᠬᠤ   ᠶᠢᠨ  ᠳᠤᠰᠠᠲᠠ᠂ᠠᠩᠭ᠍ᠯᠢ ᠶᠢᠨ ᠸᠧᠯᠢᠺ ᠶᠡᠭᠡ ᠰᠤᠷᠭᠠᠭᠤᠯᠢ ᠶᠢᠨ ᠰᠢᠨᠵᠢᠯᠡᠬᠦ ᠤᠬᠠᠭᠠᠨᠲᠠᠳ ᠦᠩᠭᠡᠷᠡᠭᠰᠡᠨ ᠤ 42 ᠵᠦᠢᠯ   ᠤᠨ  ᠳᠤᠷᠰᠢᠯᠲᠠ  ᠵᠢᠨ‌ᠦᠷ᠎ᠡ ᠳ᠋ᠦᠩ ᠢ ᠵᠠᠲᠠᠯᠤᠨ ᠰᠢᠨᠵᠢᠯᠡᠵᠡᠢ᠃ ᠡᠳᠡᠭᠡᠷ ᠳᠤᠷᠰᠢᠯᠲᠠ ᠨᠢ 7.5 ᠳᠦᠮᠡᠨ 18 ᠨᠠᠰᠦᠨ ᠠᠴᠠ ᠲᠤᠷᠤᠭᠰᠢᠬᠢ ᠬᠡᠦᠭᠡᠳ ᠪᠠ ᠵᠠᠯᠠᠭᠤᠴᠤᠳ ᠪᠠᠭᠠᠴᠤᠳ ᠲᠤ ᠬᠤᠯᠪᠤᠬᠲᠠᠵᠤ᠂ ᠲᠠᠭᠠᠵᠤ  ᠰᠤᠷᠪᠤᠯᠵᠢᠯᠠᠬᠰᠠᠨ  ᠳᠤᠮᠳᠠᠴᠢ  ᠴᠠᠭ   ᠨᠢ  ᠭᠤᠷᠪᠠᠨ  ᠵᠢᠯ  ᠪᠤᠯᠤᠨ᠎ᠠ᠃ ᠰᠤᠳᠤᠯᠤᠬᠴᠢᠳ ᠠᠰᠠᠭᠤᠯᠲᠠ ᠶᠢᠨ ᠬᠠᠭᠤᠲᠠᠰᠦ ᠲᠠᠭᠯᠠᠭᠤᠯᠬᠤ ᠪᠠ ᠪᠠᠭᠠᠵᠢ ᠳᠦᠬᠦᠬᠡᠷᠤᠮᠵᠢ ᠵᠡᠬᠦᠯᠭᠡᠨ ᠰᠤᠳᠤᠯᠤᠬᠲᠠᠬᠤ ᠡᠲᠡᠭᠡᠳ ‍ᠤᠨ‌‍ᠢᠶ᠋ᠡᠨ ᠠᠵᠢᠯᠯᠠᠵᠤ ᠠᠮᠠᠷᠠᠬᠤ ᠲᠠᠳᠬᠠᠯ᠂ ᠡᠷᠡᠬᠦᠯ ᠮᠠᠨᠳᠦ ᠶᠢᠨ ᠪᠠᠶᠢᠲᠠᠯ ᠵᠢᠴᠢ ᠪᠡᠶ᠎ᠡ ᠶᠢᠨ ᠬᠦᠨᠳᠦ ᠶᠢᠨ  ᠢᠯᠡᠳᠭᠡᠭᠴᠢ  ᠲᠤᠭ᠎ᠠ   ᠶᠢ ᠲᠤᠭᠲᠠᠮᠠᠯ ᠬᠤᠭᠤᠴᠠᠭ᠎ᠠ ᠲᠠᠢ ᠪᠠᠷ ᠤᠶᠢᠯᠠᠭᠠᠭᠰᠠᠨ ᠪᠠᠶᠢᠨ᠎ᠠ᠃ ᠡᠬᠦᠨ ᠤ ᠳ᠋ᠦᠩ ᠳᠤ  ᠤᠯᠵᠤ  ᠮᠡᠲᠡᠭᠰᠡᠨ   ᠨᠢ᠂ ᠨᠤᠶᠢᠷ  ᠲᠤᠲᠠᠭᠤ ᠬᠡᠦᠭᠡᠳ  ᠤᠨ ᠪᠡᠶ᠎ᠡ ᠶᠢᠨ ᠬᠦᠨᠳᠦ ᠶᠢᠨ ᠨᠡᠮᠡᠭᠲᠡᠬᠦ ᠬᠠᠷᠢᠴᠠᠯ ᠨᠢ ᠨᠠᠰᠦ ᠰᠠᠴᠠᠭᠤ ᠨᠤᠶᠢᠷ ᠰᠠᠶᠢᠲᠠᠢ ᠬᠡᠦᠭᠡᠳ ᠤᠨ ᠬᠢ ᠠᠴᠠ ᠦᠨᠳᠦᠷ ᠪᠠᠶᠢᠨ᠎ᠠ᠂ ᠨᠤᠶᠢᠷ ᠲᠤᠲᠠᠭᠤ ᠬᠡᠦᠭᠡᠳ ᠤᠨ ᠪᠡᠶ᠎ᠡ ᠶᠢᠨ ᠬᠦᠨᠳᠦ ᠪᠠᠷᠢᠮᠵᠢᠶ᠎ᠠ ᠠᠴᠠ ᠬᠡᠳᠦᠷᠡᠬᠦ ᠪᠤᠶᠤ ᠮᠠᠷᠢᠶᠠᠯᠠᠬᠤ ᠪᠤᠯᠤᠮᠵᠢ ᠨᠢ  ᠨᠤᠶᠢᠷ ᠰᠠᠶᠢᠲᠠᠢ ᠬᠡᠦᠭᠡᠳ ᠤᠨ ᠬᠢ ᠠᠴᠠ ᠳᠤᠮᠳᠠᠴᠢ ᠪᠠᠷ 58% ᠦᠨᠳᠦᠷ ᠪᠠᠶᠢᠨ᠎ᠠ᠃ ᠪᠤᠲᠠᠲᠠᠢ ᠪᠠᠷ ᠬᠡᠯᠡᠪᠡᠯ᠂ 4 ~11 ᠰᠠᠷ᠎ᠠ ᠪᠤᠯᠵᠤ ᠪᠠᠶᠢᠭ᠎ᠠ ᠨᠢᠯᠬ᠎ᠠ ᠬᠡᠦᠬᠡᠳ ᠤᠨ ᠤᠨᠲᠠᠭᠰᠠᠨ ᠴᠠᠭ ᠨᠢ 12 ᠴᠠᠭ ᠬᠦᠷᠬᠦ ᠦᠭᠡᠢ ᠦᠶ᠎ᠡ ᠳᠤ᠂ ᠬᠡᠳᠦ ᠮᠠᠷᠢᠶᠠᠯᠠᠬᠤ ᠳᠦᠭᠰᠢᠬᠦᠷᠢ ᠨᠢ 40% ᠪᠠᠷ ᠲᠡᠭᠡᠭᠰᠢᠯᠡᠨ᠎ᠡ︔ 3~5 ᠨᠠᠰᠤᠳᠠᠢ ᠬᠡᠦᠬᠡᠳ ᠤᠨ ᠤᠨᠲᠠᠭᠰᠠᠨ ᠴᠠᠭ ᠨᠢ 10 ᠴᠠᠭ ᠬᠦᠷᠬᠦ  ᠦᠭᠡᠢ  ᠦᠶ᠎ᠡ   ᠳᠤ᠂ ᠬᠡᠳᠦ ᠮᠠᠷᠢᠶᠠᠯᠠᠬᠤ ᠳᠦᠭᠰᠢᠬᠦᠷᠢ ᠨᠢ 57% ᠪᠠᠷ ᠲᠡᠭᠡᠭᠰᠢᠯᠡᠨ᠎ᠡ︔ 6~13 ᠨᠠᠰᠤᠳᠠᠢ ᠬᠡᠦᠬᠡᠳ ᠤᠨ ᠤᠨᠲᠠᠭᠰᠠᠨ  ᠴᠠᠭ   ᠨᠢ  9ᠴᠠᠭ ᠬᠦᠷᠬᠦ ᠦᠭᠡᠢ ᠦᠶ᠎ᠡ ᠳᠤ᠂ ᠬᠡᠳᠦ ᠮᠠᠷᠢᠶᠠᠯᠠᠬᠤ ᠳᠦᠭᠰᠢᠬᠦᠷᠢ ᠨᠢ 123%   ᠪᠠᠷ ᠲᠡᠭᠡᠭᠰᠢᠯᠡᠨ᠎ᠡ︔  14~17  ᠨᠠᠰᠤᠳᠠᠢ‌‍ᠬᠡᠦᠬᠡᠳ ᠤᠨ ᠤᠨᠲᠠᠭᠰᠠᠨ ᠴᠠᠭ ᠨᠢ 8 ᠴᠠᠭ ᠬᠦᠷᠬᠦ ᠦᠭᠡᠢ ᠦᠶ᠎ᠡ ᠳᠤ᠂ ᠬᠡᠳᠦ  ᠮᠠᠷᠢᠶᠠᠯᠠᠬᠤ  ᠳᠦᠭᠰᠢᠬᠦᠷᠢ   ᠨᠢ  30%   ᠪᠠᠷ ᠲᠡᠭᠡᠭᠰᠢᠯᠡᠨ᠎ᠡ᠃  
ᠢᠷᠡᠯᠲᠡ᠄ ᠠᠷᠠᠳ ᠤᠨ ᠰᠦᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ