ᠠᠩᠭ᠍ᠯᠢ ᠶᠢᠨ ᠨᠢᠭᠡᠨ ᠰᠤᠳᠤᠯᠭᠠᠨ ᠤ ᠳ᠋ᠦᠩ ᠠᠴᠠ ᠦᠵᠡᠪᠡᠯ᠂ ᠬᠡᠦᠭᠡᠳ ᠨᠤᠶᠢᠷ ᠲᠤᠲᠠᠭᠤ ᠪᠤᠯᠪᠠᠯ ᠬᠡᠳᠦ | ᠮᠠᠷᠢᠶᠠᠯᠠᠬᠤᠪᠤᠯᠤᠮᠵᠢ ᠨᠢ ᠶᠡᠬᠡᠲᠡ ᠨᠡᠮᠡᠭᠲᠡᠬᠦ ᠪᠤᠯᠤᠨ᠎ᠠ᠃ | ᠬᠡᠦᠭᠡᠳ ᠤᠨ ᠬᠡᠳᠦ ᠮᠠᠷᠢᠶᠠᠯᠠᠬᠤ ᠪᠠ ᠤᠨᠲᠠᠬᠤ ᠶᠢᠨ ᠬᠤᠭᠤᠷᠤᠨᠲᠤᠬᠢ ᠬᠠᠷᠢᠴᠠᠭ᠎ᠠ ᠶᠢ ᠰᠤᠳᠤᠯᠬᠤ ᠶᠢᠨ | ᠳᠤᠰᠠᠲᠠ᠂ᠠᠩᠭ᠍ᠯᠢ ᠶᠢᠨ ᠸᠧᠯᠢᠺ ᠶᠡᠭᠡ ᠰᠤᠷᠭᠠᠭᠤᠯᠢ ᠶᠢᠨ ᠰᠢᠨᠵᠢᠯᠡᠬᠦ ᠤᠬᠠᠭᠠᠨᠲᠠᠳ ᠦᠩᠭᠡᠷᠡᠭᠰᠡᠨ ᠤ 42 ᠵᠦᠢᠯ | ᠤᠨ ᠳᠤᠷᠰᠢᠯᠲᠠ ᠵᠢᠨᠦᠷ᠎ᠡ ᠳ᠋ᠦᠩ ᠢ ᠵᠠᠲᠠᠯᠤᠨ ᠰᠢᠨᠵᠢᠯᠡᠵᠡᠢ᠃ ᠡᠳᠡᠭᠡᠷ ᠳᠤᠷᠰᠢᠯᠲᠠ ᠨᠢ 7.5 ᠳᠦᠮᠡᠨ 18 | ᠨᠠᠰᠦᠨ ᠠᠴᠠ ᠲᠤᠷᠤᠭᠰᠢᠬᠢ ᠬᠡᠦᠭᠡᠳ ᠪᠠ ᠵᠠᠯᠠᠭᠤᠴᠤᠳ ᠪᠠᠭᠠᠴᠤᠳ ᠲᠤ ᠬᠤᠯᠪᠤᠬᠲᠠᠵᠤ᠂ ᠲᠠᠭᠠᠵᠤ | ᠰᠤᠷᠪᠤᠯᠵᠢᠯᠠᠬᠰᠠᠨ ᠳᠤᠮᠳᠠᠴᠢ ᠴᠠᠭ ᠨᠢ ᠭᠤᠷᠪᠠᠨ ᠵᠢᠯ ᠪᠤᠯᠤᠨ᠎ᠠ᠃ ᠰᠤᠳᠤᠯᠤᠬᠴᠢᠳ ᠠᠰᠠᠭᠤᠯᠲᠠ ᠶᠢᠨ | ᠬᠠᠭᠤᠲᠠᠰᠦ ᠲᠠᠭᠯᠠᠭᠤᠯᠬᠤ ᠪᠠ ᠪᠠᠭᠠᠵᠢ ᠳᠦᠬᠦᠬᠡᠷᠤᠮᠵᠢ ᠵᠡᠬᠦᠯᠭᠡᠨ ᠰᠤᠳᠤᠯᠤᠬᠲᠠᠬᠤ ᠡᠲᠡᠭᠡᠳ ᠤᠨᠢᠶ᠋ᠡᠨ ᠠᠵᠢᠯᠯᠠᠵᠤ | ᠠᠮᠠᠷᠠᠬᠤ ᠲᠠᠳᠬᠠᠯ᠂ ᠡᠷᠡᠬᠦᠯ ᠮᠠᠨᠳᠦ ᠶᠢᠨ ᠪᠠᠶᠢᠲᠠᠯ ᠵᠢᠴᠢ ᠪᠡᠶ᠎ᠡ ᠶᠢᠨ ᠬᠦᠨᠳᠦ ᠶᠢᠨ ᠢᠯᠡᠳᠭᠡᠭᠴᠢ ᠲᠤᠭ᠎ᠠ ᠶᠢ | ᠲᠤᠭᠲᠠᠮᠠᠯ ᠬᠤᠭᠤᠴᠠᠭ᠎ᠠ ᠲᠠᠢ ᠪᠠᠷ ᠤᠶᠢᠯᠠᠭᠠᠭᠰᠠᠨ ᠪᠠᠶᠢᠨ᠎ᠠ᠃ ᠡᠬᠦᠨ ᠤ ᠳ᠋ᠦᠩ ᠳᠤ ᠤᠯᠵᠤ ᠮᠡᠲᠡᠭᠰᠡᠨ ᠨᠢ᠂ | ᠨᠤᠶᠢᠷ ᠲᠤᠲᠠᠭᠤ ᠬᠡᠦᠭᠡᠳ ᠤᠨ ᠪᠡᠶ᠎ᠡ ᠶᠢᠨ ᠬᠦᠨᠳᠦ ᠶᠢᠨ ᠨᠡᠮᠡᠭᠲᠡᠬᠦ ᠬᠠᠷᠢᠴᠠᠯ ᠨᠢ ᠨᠠᠰᠦ ᠰᠠᠴᠠᠭᠤ ᠨᠤᠶᠢᠷ ᠰᠠᠶᠢᠲᠠᠢ | ᠬᠡᠦᠭᠡᠳ ᠤᠨ ᠬᠢ ᠠᠴᠠ ᠦᠨᠳᠦᠷ ᠪᠠᠶᠢᠨ᠎ᠠ᠂ ᠨᠤᠶᠢᠷ ᠲᠤᠲᠠᠭᠤ ᠬᠡᠦᠭᠡᠳ ᠤᠨ ᠪᠡᠶ᠎ᠡ ᠶᠢᠨ ᠬᠦᠨᠳᠦ ᠪᠠᠷᠢᠮᠵᠢᠶ᠎ᠠ ᠠᠴᠠ | ᠬᠡᠳᠦᠷᠡᠬᠦ ᠪᠤᠶᠤ ᠮᠠᠷᠢᠶᠠᠯᠠᠬᠤ ᠪᠤᠯᠤᠮᠵᠢ ᠨᠢ ᠨᠤᠶᠢᠷ ᠰᠠᠶᠢᠲᠠᠢ ᠬᠡᠦᠭᠡᠳ ᠤᠨ ᠬᠢ ᠠᠴᠠ ᠳᠤᠮᠳᠠᠴᠢ ᠪᠠᠷ 58% | ᠦᠨᠳᠦᠷ ᠪᠠᠶᠢᠨ᠎ᠠ᠃ ᠪᠤᠲᠠᠲᠠᠢ ᠪᠠᠷ ᠬᠡᠯᠡᠪᠡᠯ᠂ 4 ~11 ᠰᠠᠷ᠎ᠠ ᠪᠤᠯᠵᠤ ᠪᠠᠶᠢᠭ᠎ᠠ ᠨᠢᠯᠬ᠎ᠠ ᠬᠡᠦᠬᠡᠳ ᠤᠨ ᠤᠨᠲᠠᠭᠰᠠᠨ | ᠴᠠᠭ ᠨᠢ 12 ᠴᠠᠭ ᠬᠦᠷᠬᠦ ᠦᠭᠡᠢ ᠦᠶ᠎ᠡ ᠳᠤ᠂ ᠬᠡᠳᠦ ᠮᠠᠷᠢᠶᠠᠯᠠᠬᠤ ᠳᠦᠭᠰᠢᠬᠦᠷᠢ ᠨᠢ 40% ᠪᠠᠷ ᠲᠡᠭᠡᠭᠰᠢᠯᠡᠨ᠎ᠡ︔ | 3~5 ᠨᠠᠰᠤᠳᠠᠢ ᠬᠡᠦᠬᠡᠳ ᠤᠨ ᠤᠨᠲᠠᠭᠰᠠᠨ ᠴᠠᠭ ᠨᠢ 10 ᠴᠠᠭ ᠬᠦᠷᠬᠦ ᠦᠭᠡᠢ ᠦᠶ᠎ᠡ ᠳᠤ᠂ ᠬᠡᠳᠦ | ᠮᠠᠷᠢᠶᠠᠯᠠᠬᠤ ᠳᠦᠭᠰᠢᠬᠦᠷᠢ ᠨᠢ 57% ᠪᠠᠷ ᠲᠡᠭᠡᠭᠰᠢᠯᠡᠨ᠎ᠡ︔ 6~13 ᠨᠠᠰᠤᠳᠠᠢ ᠬᠡᠦᠬᠡᠳ ᠤᠨ ᠤᠨᠲᠠᠭᠰᠠᠨ ᠴᠠᠭ | ᠨᠢ 9ᠴᠠᠭ ᠬᠦᠷᠬᠦ ᠦᠭᠡᠢ ᠦᠶ᠎ᠡ ᠳᠤ᠂ ᠬᠡᠳᠦ ᠮᠠᠷᠢᠶᠠᠯᠠᠬᠤ ᠳᠦᠭᠰᠢᠬᠦᠷᠢ ᠨᠢ 123% ᠪᠠᠷ ᠲᠡᠭᠡᠭᠰᠢᠯᠡᠨ᠎ᠡ︔ | 14~17 ᠨᠠᠰᠤᠳᠠᠢᠬᠡᠦᠬᠡᠳ ᠤᠨ ᠤᠨᠲᠠᠭᠰᠠᠨ ᠴᠠᠭ ᠨᠢ 8 ᠴᠠᠭ ᠬᠦᠷᠬᠦ ᠦᠭᠡᠢ ᠦᠶ᠎ᠡ ᠳᠤ᠂ ᠬᠡᠳᠦ | ᠮᠠᠷᠢᠶᠠᠯᠠᠬᠤ ᠳᠦᠭᠰᠢᠬᠦᠷᠢ ᠨᠢ 30% ᠪᠠᠷ ᠲᠡᠭᠡᠭᠰᠢᠯᠡᠨ᠎ᠡ᠃ |