︽ᠪᠤᠰᠤᠭ᠎ᠠ ᠮᠤᠩᠭᠤᠯ ᠦᠰᠦᠭ︾ ᠤᠨ ᠨᠤᠮ ᠪᠢᠴᠢᠭ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠳᠤ ᠲᠡᠯᠭᠡᠭᠳᠡᠯ᠎ᠠ
ᠨᠡᠶᠢᠲᠡᠯᠡᠭᠰᠡᠨ ᠴᠠᠭ᠄
2019/5/20
     ᠪᠡᠭᠡᠵᠢᠩ ᠤᠨ ᠴᠠᠭ ᠢᠶᠠᠷ 5 ᠰᠠᠷ᠎ᠠ ᠶᠢᠨ 14 ᠤ ᠡᠳᠦᠷ᠂ ᠠᠮᠧᠷᠢᠺᠠ ᠶᠢᠨ  ᠨᠢᠦ᠋  ᠶᠤᠷᠺ ᠲᠤ  ᠪᠠᠶᠢᠷᠢᠯᠠᠭ᠎ᠠ  ᠤᠯᠠᠨ‌ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠶᠡᠷᠦᠩᠬᠡᠢ ᠭᠠᠵᠠᠷ ᠤᠨ ᠲᠤᠮᠤ ᠠᠰᠠᠷ ᠲᠤ ︽ᠮᠤᠩᠭᠤᠯ ᠨᠤᠮ ᠪᠢᠴᠢᠭ ᠰᠤᠶᠤᠯ  ‍ᠤᠨ‌ᠦᠪ — ᠪᠤᠰᠤᠭ᠎ᠠ ᠮᠤᠩᠭᠤᠯ ᠦᠰᠦᠭ︾ ᠤᠨ ᠦᠵᠡᠭᠦᠯᠭᠡ ᠡᠬᠢᠯᠡᠨ ᠶᠠᠪᠤᠭᠳᠠᠵᠤ᠂ ᠪᠤᠰᠤᠭ᠎ᠠ  ᠮᠤᠩᠭᠤᠯ  ᠦᠰᠦᠭ  ᠠᠩᠬ᠎ᠠ‌ᠤᠳᠠᠭ᠎ᠠ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠳᠤ ᠲᠡᠯᠭᠡᠭᠳᠡᠭᠰᠡᠨ ᠤᠨᠴᠠᠭᠠᠢ ᠤᠳᠬ᠎ᠠ ᠠᠭᠤᠯᠭ᠎ᠠ ᠲᠠᠢ ᠴᠠᠭ ᠮᠦᠴᠡ‌‍ᠶᠢ ᠲᠡᠮᠳᠡᠭᠯᠡᠯ᠎ᠠ᠃              5 ᠡᠳᠦᠷ ᠶᠠᠪᠤᠭᠳᠠᠬᠤ ᠲᠤᠰ ᠦᠵᠡᠬᠦᠯᠬᠡ ᠶᠢᠨ  ᠠᠩᠬᠠᠨ   ᠤ  ᠡᠳᠦᠷ ᠲᠤ᠂  ᠤᠯᠠᠨ  ᠤᠯᠤᠰ   ᠤᠨ  ᠬᠤᠯᠪᠤᠭᠠᠳᠤ‌‍ᠪᠠᠶᠢᠭᠤᠯᠭ᠎ᠠ ᠶᠢᠨ ᠪᠦᠬᠦ ᠪᠦᠮᠪᠦᠷᠴᠡᠭ ᠤᠨ ᠲᠠᠮᠵᠢᠭᠤᠯᠭ᠎ᠠ ᠶᠢᠨ  ᠶᠠᠪᠤᠳᠠᠯ ᠢ ᠭᠤᠤᠯᠯᠠᠨ ᠬᠠᠮᠢᠶᠠᠷᠬᠤ ᠲᠡᠳ᠋ ᠨᠠᠷᠢᠨ ᠪᠢᠴᠢᠭ ᠤᠨ ᠲᠠᠷᠤᠭ᠎ᠠ ᠠᠯᠢᠰᠠ ᠊ ᠰᠮᠸᠢᠢᠷ᠂ ᠤᠯᠠᠨ  ᠤᠯᠤᠰ  ‍ᠤᠨ‌ᠬᠤᠯᠪᠤᠭᠠᠳᠤ ᠪᠠᠶᠢᠭᠤᠯᠭ᠎ᠠ ᠳᠤ ᠪᠠᠶᠢᠩᠭᠤ ᠰᠠᠭᠤᠭ᠎ᠠ 70 ᠭᠠᠷᠤᠢ ᠤᠯᠤᠰ ᠤᠨ ᠲᠦᠯᠦᠭᠡᠯᠡᠭᠴᠢ ᠵᠢᠴᠢ  ᠲᠡᠯᠡᠭᠡᠢ ᠶᠢᠨ  ᠮᠤᠩᠭᠤᠯ‌‍ᠰᠤᠳᠤᠯᠤᠯ ᠤᠨ 100 ᠭᠠᠷᠤᠢ ᠲᠤᠰᠬᠠᠢ ᠮᠡᠷᠭᠡᠵᠢᠯᠳᠡᠨ ᠲᠠᠢ ᠬᠠᠮᠳᠤ ᠦᠵᠡᠭᠦᠯᠭᠡ ᠶᠢ ᠰᠤᠨᠢᠷᠬᠠᠭᠰᠠᠨ   ᠤ  ᠲᠠᠷᠠᠭ᠎ᠠ  ᠦᠨᠳᠦᠷ‌ᠦᠨᠡᠯᠡᠯᠲᠡ ᠥᠭᠭᠦᠭᠰᠡᠨ ᠪᠠᠶᠢᠨ᠎ᠠ᠃             ᠲᠤᠰ ᠤᠳᠠᠭ᠎ᠠ ᠶᠢᠨ ᠦᠵᠡᠬᠦᠯᠬᠡ ᠶᠢ ᠪᠡᠶᠡᠴᠢᠯᠡᠨ ᠵᠤᠬᠢᠶᠠᠨ ᠪᠠᠶᠢᠭᠤᠯᠤᠭᠰᠠᠨ ᠬᠦᠮᠦᠰ ᠤᠨ ᠨᠢᠭᠡ  ᠪᠤᠯᠬᠤ  ᠮᠤᠩᠭᠤᠯ‌ᠠᠵᠤ ᠠᠬᠤᠢᠢᠯᠠᠯᠳᠠ ᠪᠠᠭᠠᠳᠤᠷ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠰᠤᠷᠭᠠᠨ ᠬᠦᠮᠦᠵᠢᠯ ᠰᠢᠨᠵᠢᠯᠡᠬᠦ  ᠤᠬᠠᠭᠠᠨ‌‍ᠰᠤᠶᠤᠯ ᠤᠨ ᠵᠤᠬᠢᠶᠠᠨ ᠪᠠᠶᠢᠭᠤᠯᠤᠯᠳᠠ ᠶᠢᠨ ᠨᠡᠶᠢᠳᠡᠯᠡᠭᠰᠡᠨ ︽ᠪᠦᠬᠦ ᠪᠦᠮᠪᠦᠷᠴᠡᠭ ᠤᠨ ᠤᠰᠠᠳᠬᠤ ᠰᠢᠬᠠᠭᠰᠠᠨ ᠬᠡᠯᠡᠨ ᠤ  ᠭᠠᠵᠠᠷ‌‍ᠤᠨ ᠵᠢᠷᠤᠭ︾ ᠲᠡᠭᠡᠷ᠎ᠠ ᠠᠴᠠ ᠪᠦᠬᠦ ᠪᠦᠮᠪᠦᠷᠴᠡᠭ ᠤᠨ 199 ᠲᠦᠷᠦᠯ ᠤᠨ ᠬᠡᠯᠡᠨ ᠤ ᠠᠬᠤᠢ  ᠪᠠᠶᠢᠳᠠᠯ  ᠪᠠᠴᠢᠮ  ᠪᠠᠶᠢᠳᠠᠯ ᠳ᠋ᠤ᠋‌ᠤᠷᠤᠰᠢᠵᠤ᠂ ᠡᠭᠦᠨ ᠤ ᠲᠤᠳᠤᠷ᠎ᠠ 18 ᠲᠦᠷᠦᠯ ᠤᠨ ᠬᠡᠯᠡ ︽ᠤᠰᠠᠳᠬᠤ  ᠰᠢᠬᠠᠭᠰᠠᠨ  ᠬᠡᠯᠡ︾ ᠪᠠᠷ  ᠵᠢᠭᠰᠠᠭᠠᠭᠳᠠᠭᠰᠠᠨ   ᠢ ᠤᠯᠵᠤ ᠬᠠᠷᠠᠵᠠᠢ᠂ ᠡᠭᠦᠨ ᠤ  ᠲᠤᠳᠤᠷ᠎ᠠ  ᠪᠤᠰᠤᠭ᠎ᠠ  ᠮᠤᠩᠭᠤᠯ  ᠦᠰᠦᠭ  ᠵᠢᠭᠰᠠᠭᠠᠭᠳᠠᠭᠰᠠᠨ ᠨᠢ  ᠲᠡᠭᠦᠨ   ᠤ  ᠰᠡᠳᠭᠢᠯ  ᠢ‌‍ᠰᠢᠮᠰᠢᠷᠡᠭᠦᠯᠦᠨ ᠵᠤᠪᠠᠭᠠᠭᠰᠠᠨ ᠪᠠᠶᠢᠨ᠎ᠠ᠃ ᠡᠶᠢᠨ ᠭᠦ  ᠲᠡᠷᠡ  ᠲᠤᠰ  ᠤᠳᠠᠭ᠎ᠠ ᠶᠢᠨ  ᠦᠵᠡᠬᠦᠯᠬᠡ ᠶᠢ  ᠡᠷᠬᠢᠯᠡᠬᠦ ᠪᠠᠷ  ᠲᠠᠮᠵᠢᠨ‌ᠮᠤᠩᠭᠤᠯ ᠬᠡᠯᠡ ᠪᠢᠴᠢᠭ ᠤᠨ ᠡᠴᠢᠨ᠎ᠠ ᠨᠢᠭᠤᠴᠠᠬᠠᠢ ᠡᠷᠬᠢᠮᠰᠦᠭ ᠭᠤᠸ᠎ᠠ   ᠶᠢ  ᠲᠠᠯᠡᠭᠡᠢ  ᠳ᠋ᠠᠬᠢᠨ ᠳᠤ  ᠲᠠᠨᠢᠭᠤᠯᠬᠤ ᠶᠢᠨ  ᠬᠠᠮᠳᠤ‌ᠤᠯᠠᠮᠵᠢᠯᠠᠯᠳᠤ ᠪᠤᠰᠤᠭ᠎ᠠ ᠮᠤᠩᠭᠤᠯ ᠦᠰᠦᠭ ᠢ  ᠬᠠᠮᠠᠭᠠᠯᠠᠬᠤ  ᠪᠠ  ᠤᠯᠠᠮᠵᠢᠯᠠᠨ  ᠲᠡᠯᠭᠡᠷᠡᠭᠦᠯᠬᠦ  ᠲᠠᠨᠢᠯᠳᠠ   ᠶᠢ  ᠲᠡᠯᠡᠭᠡᠢ ᠵᠢᠨ‌‍ᠬᠡᠪᠴᠢᠶᠡᠨ᠎ᠠ ᠭᠦᠨᠵᠡᠭᠡᠶᠢᠷᠡᠭᠦᠯᠬᠦ ᠶᠢ ᠵᠤᠷᠢᠵᠠᠢ᠃ ᠦᠵᠡᠬᠦᠯᠬᠡ ᠳᠤ ᠪᠤᠰᠤᠭ᠎ᠠ ᠮᠤᠩᠭᠤᠯ ᠦᠰᠦᠭ ᠤᠨ ᠤᠤᠯ ᠨᠤᠮ ᠪᠢᠴᠢᠭ  ‍ᠤᠨ‌‍ᠪᠦ᠋ᠳᠦᠭᠡᠯ᠂ ᠮᠤᠩᠭᠤᠯ ᠬᠡᠯᠡᠨ ᠲᠡᠭᠡᠷ᠎ᠠ ᠤᠷᠴᠢᠭᠤᠯᠤᠭᠳᠠᠭᠰᠠᠨ ᠡᠯ᠎ᠠ ᠲᠦᠷᠦᠯ ᠤᠨ ᠰᠤᠩᠭᠤᠳᠠᠭ ᠵᠤᠬᠢᠶᠠᠯ᠂ ︽ᠰᠢ ᠶᠢᠨ ᠫᠢᠩ ‍ᠤᠨ‌‍ᠲ᠋ᠦ᠋ᠷᠦ ᠶᠢ ᠵᠠᠰᠠᠵᠤ ᠵᠠᠰᠠᠭ ᠢ ᠡᠷᠬᠢᠯᠡᠬᠦ︾ ᠰᠢᠷᠢᠰ ᠴᠤᠪᠤᠷᠠᠯ ᠪᠢᠴᠢᠭ᠂ ᠮᠤᠩᠭᠤᠯ ᠤᠷᠠᠨ  ᠪᠢᠴᠢᠯᠭᠡ ᠶᠢᠨ  ᠪᠦᠳᠦᠭᠡᠯ᠂  ᠴᠠᠭᠠᠨ‌‍ᠰᠦ᠋ᠯᠳᠡ᠂ ᠮᠤᠩᠭᠤᠯ ᠭᠡᠷ ᠤᠨ ᠪᠦᠳᠦᠴᠡ  ᠵᠠᠭᠪᠤᠷ   ᠢ  ᠭᠤᠤᠯ  ᠲᠠᠯᠬᠡᠨ  ᠦᠵᠡᠬᠦᠯᠵᠡᠢ᠃  ᠦᠵᠡᠬᠦᠯᠬᠡ ᠳᠤ  ᠦᠪᠡᠷ  ‍ᠤᠨ‌‍ᠪᠦ᠋ᠳᠦᠭᠡᠯ ᠲᠠᠢ ᠪᠠᠨ ᠤᠷᠤᠯᠴᠠᠭᠰᠠᠨ ᠬᠦᠬᠡᠬᠤᠳᠠ ᠦᠨᠳᠦᠰᠦᠳᠡᠨ ᠤ ᠲᠡᠭᠡᠳᠦ ᠰᠤᠷᠭᠠᠭᠤᠯᠢ  ᠶᠢᠨ ᠠᠵᠢᠯ ᠠᠴᠠ ᠪᠠᠨ ᠠᠮᠠᠷᠠᠭᠰᠠᠨ‌ᠬᠠᠰᠴᠢᠯᠠᠭᠤ ᠪᠠᠭᠰᠢ ᠰᠤᠷᠪᠤᠯᠵᠢᠯᠠᠭ᠎ᠠ ᠬᠦᠯᠢᠶᠡᠬᠦ  ᠳᠡᠭᠡᠨ᠄ ︽ᠮᠢᠨᠦ  2010   ᠤᠨ ᠳᠤ  ᠬᠡᠪᠯᠡᠭᠦᠯᠦᠭᠰᠡᠨ  ︿ ᠤᠢᠢᠭᠤᠷᠵᠢᠨ‌ᠮᠤᠩᠭᠤᠯ ᠦᠰᠦᠭ ᠤᠨ ᠮᠤᠩᠭᠤᠯ ᠤᠨ ᠨᠢᠭᠤᠴᠠ  ᠲᠤᠪᠴᠢᠶᠠᠨ  ﹀  ᠦᠵᠡᠬᠦᠯᠬᠡ ᠳᠤ  ᠲᠡᠯᠭᠡᠭᠳᠡᠯ᠎ᠠ᠃  ᠲᠤᠰ  ᠤᠳᠠᠭ᠎ᠠ ᠵᠢᠨ‌ᠦᠵᠡᠬᠦᠯᠬᠡ ᠨᠢ ᠮᠤᠩᠭᠤᠯ ᠦᠨᠳᠦᠰᠦᠳᠡᠨ ᠤ ᠰᠤᠶᠤᠯ ᠢ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠳᠤ  ᠤᠷᠤᠭᠤᠯᠤᠭᠰᠠᠨ‌‍ᠲ᠋ᠡᠳᠦᠢ ᠦᠭᠡᠢ᠂ ᠨᠡᠩ ᠴᠦ ᠰᠤᠶᠤᠯ ᠤᠨ ᠰᠤᠯᠢᠯᠴᠠᠭ᠎ᠠ ᠶᠢ ᠠᠬᠢᠭᠤᠯᠵᠤ᠂ ︿ᠨᠢᠭᠡ ᠪᠦᠰᠡ ᠨᠢᠭᠡ ᠵᠠᠮ﹀   ᠤᠨ  ᠰᠠᠨᠠᠭᠠᠴᠢᠯᠠᠭ᠎ᠠ‌‍ᠶᠢ ᠪᠤᠳᠠᠳᠠᠶᠢᠵᠢᠭᠤᠯᠤᠭᠰᠠᠨ ᠨᠠᠨᠳᠢᠨ ᠵᠠᠪᠰᠢᠶᠠᠨ ᠪᠤᠯᠤᠭᠰᠠᠨ ᠶᠤᠮ︾ ᠭᠡᠵᠤ ᠶᠠᠷᠢᠨ᠎ᠠ᠃
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ