ᠡᠪᠡᠳᠴᠢᠨ ᠤ ᠢᠯᠡᠷᠡᠯ᠄ ᠡᠷᠳᠡᠨᠢ ᠰᠢᠰᠢ ᠶᠢᠨ ᠵᠢᠵᠢᠭ ᠲᠤᠯᠪᠤᠳᠤ ᠡᠪᠡᠳᠴᠢᠨ ᠨᠢ ᠭᠤᠤᠯᠳᠠᠭᠤ ᠨᠠᠪᠴᠢ ᠶᠢ | ᠬᠥᠨᠥᠭᠡᠵᠤ᠂ ᠵᠠᠷᠢᠮ ᠳᠠᠭᠠᠨ ᠪᠠᠰᠠ ᠨᠠᠪᠴᠢ ᠶᠢᠨ ᠲᠤᠭᠲᠤᠢ᠂ ᠪᠠᠭᠯᠠᠬᠤ ᠨᠠᠪᠴᠢ ᠪᠠ ᠵᠢᠮᠢᠰ ᠤᠨ ᠲᠥᠷᠥᠭᠦᠥ ᠶᠢ ᠴᠤ | ᠬᠥᠨᠤᠭᠡᠳᠡᠭ᠂ ᠡᠷ᠎ᠡ ᠲᠥᠷᠥᠭᠦᠤ ᠪᠥᠭᠡᠯᠵᠢᠬᠦ᠂ ᠢᠳᠡᠭᠡᠰᠢᠬᠦ ᠬᠤᠭᠤᠴᠠᠭ᠎ᠠ ᠳᠤ ᠨᠡᠩ ᠤᠯᠠᠨ ᠭᠠᠷᠳᠠᠭ᠃ | ᠡᠪᠡᠳᠴᠢᠨ ᠳᠤ ᠬᠠᠯᠳᠠᠪᠤᠷᠢᠯᠠᠭᠳᠠᠭᠰᠠᠨ ᠠᠩᠬᠠᠨ ᠤ ᠬᠤᠭᠤᠴᠠᠭᠠᠨ ᠳᠤ ᠨᠠᠪᠴᠢ ᠶᠢᠨ ᠳᠡᠭᠡᠷ᠎ᠡ ᠵᠢᠵᠢᠭ ᠲᠤᠯᠪᠤ | ᠭᠠᠷᠴᠤ᠂ ᠡᠷᠭᠢᠨ ᠲᠤᠭᠤᠷᠢᠨ ᠪᠤᠶᠤ ᠬᠤᠶᠠᠷ ᠲᠠᠯ᠎ᠠ ᠳᠤᠨᠢ ᠬᠥᠷᠡᠩ ᠥᠡᠭᠭᠡ ᠲᠠᠢ ᠤᠰᠤᠨ ᠳᠤ ᠲᠡᠪᠲᠥᠭᠰᠡᠨ | ᠪᠠᠶᠢᠳᠠᠯ ᠲᠠᠢ ᠪᠤᠯᠵᠤ᠂ ᠲᠤᠯᠪᠤ ᠤᠯᠠᠳᠠᠬᠤ ᠥᠶ᠎ᠡ ᠳᠤ ᠪᠥᠷ ᠬᠤᠭᠤᠷᠤᠨᠳᠤ ᠪᠠᠨ ᠨᠡᠶᠢᠯᠡᠵᠤ᠂ ᠨᠠᠪᠴᠢ ᠶᠢᠨ | ᠰᠤᠳᠠᠰᠤ ᠳᠤ ᠬᠢᠵᠠᠭᠠᠷᠯᠠᠭᠳᠠᠬᠤ ᠥᠭᠡᠢ᠂ ᠭᠥᠨ ᠥᠨᠡᠰᠤᠨ ᠥᠡᠭᠭᠡ ᠠᠴᠠ ᠰᠢᠷᠠᠪᠲᠤᠷ ᠬᠥᠷᠡᠩ ᠥᠡᠭᠭᠡ ᠲᠠᠢ | ᠪᠤᠯᠵᠤ᠂ ᠲᠤᠯᠪᠤ ᠶᠢᠨ ᠬᠥᠪᠡᠭᠡ ᠨᠢ ᠬᠥᠷᠡᠩ ᠥᠡᠭᠭᠡ ᠪᠤᠶᠤ ᠲᠤᠲᠤᠷᠬᠠᠢ ᠪᠢᠰᠢ ᠪᠤᠯᠵᠤ᠂ ᠰᠡᠭᠦᠯᠴᠢ ᠶᠢᠨ | ᠬᠤᠭᠤᠴᠠᠭᠠᠨ ᠳᠤ ᠪᠠᠭ᠎ᠠ ᠰᠠᠭ᠎ᠠ ᠠᠯᠠᠭ ᠴᠤᠬᠤᠷ ᠬᠤᠨᠢᠶᠠᠰᠤ ᠲᠠᠢ ᠪᠤᠯᠳᠠᠭ᠃ ᠵᠢᠮᠢᠰ ᠤᠨ ᠲᠥᠷᠥᠭᠦᠥ ᠨᠢ | ᠡᠪᠡᠳᠴᠢᠨ ᠳᠤ ᠨᠡᠷᠪᠡᠭᠳᠡᠪᠡᠯ ᠡᠪᠡᠳᠴᠢᠯᠡᠭᠰᠡᠨ ᠬᠡᠰᠡᠭ ᠨᠢ ᠡᠮᠬᠢ ᠵᠢᠷᠤᠮ ᠥᠭᠡᠢ ᠥᠨᠡᠰᠤᠨ ᠬᠠᠷᠠᠪᠲᠤᠷ ᠥᠡᠭᠭᠡ ᠲᠠᠢ | ᠬᠥᠬᠡᠴᠤ ᠢᠯᠡᠷᠡᠵᠤ ᠬᠥᠨᠳᠤᠷᠡᠪᠡᠯ ᠵᠢᠮᠢᠰ ᠤᠨ ᠲᠥᠷᠥᠭᠦᠤ ᠨᠢ ᠢᠯᠵᠢᠷᠠᠵᠤ᠂ ᠥᠷ᠎ᠡ ᠨᠢ ᠬᠠᠷ᠎ᠠ ᠪᠤᠯᠵᠤ ᠸᠠᠯᠠᠳᠠᠭ᠃ | ᠡᠪᠡᠳᠴᠢᠯᠡᠬᠦ ᠵᠢᠮ᠎ᠡ ᠶᠤᠰᠤ᠄ ᠡᠪᠡᠳᠴᠢᠨ ᠤ ᠪᠠᠺᠲ᠋ᠧᠷᠢ ᠭᠤᠤᠯ ᠨᠢ ᠮᠥᠭᠦ ᠶᠢᠨ ᠰᠢᠷᠬᠡᠭᠯᠢᠭ ᠤᠨ ᠬᠡᠯᠪᠡᠷᠢ ᠪᠠᠷ | ᠲᠠᠷᠢᠶᠠᠨ ᠭᠠᠵᠠᠷ ᠤᠨ ᠡᠪᠡᠳᠴᠢᠨ ᠲᠠᠢ ᠰᠠᠭᠤᠷᠢᠨ ᠳᠡᠭᠡᠷ᠎ᠡ ᠡᠪᠤᠯᠵᠢᠵᠤ᠂ ᠬᠤᠪᠢᠶᠠᠭᠳᠠᠮᠠᠯ ᠰᠫᠤᠷ ᠪᠠᠰᠠ ᠡᠪᠤᠯᠵᠢᠵᠤ | ᠪᠤᠯᠤᠨ᠎ᠠ᠂ ᠭᠡᠪᠡᠴᠤ ᠡᠳᠡᠭᠡᠷᠡᠯᠲᠡ ᠶᠢᠨ ᠨᠤᠷᠮ᠎ᠠ ᠳᠤᠤᠷ᠎ᠠ᠃ ᠮᠥᠭᠦ ᠶᠢᠨ ᠰᠢᠷᠬᠡᠭ ᠤᠨ ᠪᠤᠶᠢᠵᠢᠯᠲᠠ ᠶᠢᠨ | ᠲᠤᠬᠢᠷᠠᠮᠵᠢᠲᠠᠢ ᠳᠤᠯᠠᠭᠠᠨ 28 ~ 30 ᠼᠧᠯᠰ ᠤᠨ ᠭᠷᠠᠳᠦ᠋ᠰ᠂ ᠰᠫᠤᠷ ᠤᠨ ᠨᠠᠬᠢᠶᠠᠯᠠᠬᠤ ᠲᠤᠬᠢᠷᠠᠮᠵᠢᠲᠠᠢ ᠳᠤᠯᠠᠭᠠᠨ | 26 ~ 32 ᠼᠧᠯᠰ ᠤᠨ ᠭᠷᠠᠳᠦ᠋ᠰ᠂ 7 ~ 8 ᠰᠠᠷ᠎ᠠ ᠪᠤᠯ ᠡᠪᠡᠳᠴᠢᠨ ᠳᠡᠯᠭᠡᠷᠡᠬᠦ ᠵᠠᠩᠭᠢᠯᠠᠭ᠎ᠠ ᠶᠢᠨ ᠬᠤᠭᠤᠴᠠᠭ᠎ᠠ᠂ | ᠰᠠᠷ᠎ᠠ ᠶᠢᠨ ᠳᠤᠮᠳᠠᠴᠢ ᠳᠤᠯᠠᠭᠠᠨ 25 ᠼᠧᠯᠰ ᠤᠨ ᠭᠷᠠᠳᠦ᠋ᠰ ᠠᠴᠠ ᠳᠡᠭᠡᠭᠰᠢ᠂ ᠲᠤᠨᠤᠳᠠᠰᠤ ᠠᠷᠪᠢᠨ᠂ | ᠡᠪᠡᠳᠴᠢᠨ ᠤ ᠬᠤᠤᠷ ᠬᠥᠨᠥᠭᠡᠯ ᠠᠷᠪᠢᠨ ᠳᠡᠯᠭᠡᠷᠡᠨ᠎ᠡ᠃ ᠡᠷᠳᠡᠨᠢ ᠰᠢᠰᠢ ᠶᠢ ᠤᠯᠠᠨ ᠵᠢᠯ ᠥᠷᠭᠦᠯᠵᠢᠯᠡᠨ ᠲᠠᠷᠢᠬᠤ᠂ | ᠬᠥᠷᠥᠰᠤᠨ ᠤ ᠰᠢᠮ᠎ᠡ ᠪᠠᠷᠤᠭᠲᠠᠢ ᠪᠤᠶᠤ ᠬᠡᠳᠤ ᠤᠷᠤᠢ ᠲᠠᠷᠢᠪᠠᠯ ᠪᠥᠷ ᠠᠮᠠᠷᠬᠠᠨ ᠡᠪᠡᠳᠴᠢᠨ ᠡᠭᠦᠰᠥᠨᠡ᠃ | ᠰᠡᠷᠭᠡᠶᠢᠯᠡᠨ ᠵᠠᠰᠠᠬᠤ ᠠᠷᠭ᠎ᠠ᠄ ᠡᠪᠡᠳᠴᠢᠨ ᠢ ᠡᠰᠡᠷᠭᠦᠴᠡᠵᠤ ᠴᠢᠳᠠᠬᠤ ᠰᠢᠯᠢᠳᠡᠭ ᠡᠷᠳᠡᠨᠢ ᠰᠢᠰᠢ ᠶᠢᠨ | ᠲᠥᠷᠥᠯ ᠵᠦᠢᠯ ᠢ ᠰᠤᠩᠭᠤᠨ ᠬᠡᠷᠡᠭᠯᠡᠬᠦ ᠬᠡᠷᠡᠭᠲᠠᠢ᠃ ᠲᠠᠷᠢᠶᠠᠯᠠᠩ ᠤᠨ ᠰᠡᠷᠭᠡᠶᠢᠯᠡᠨ ᠵᠠᠰᠠᠯᠲᠠ ᠶᠢ ᠴᠢᠩᠭᠠᠳᠬᠠᠵᠤ᠂ | ᠲᠠᠷᠢᠶ᠎ᠠ ᠪᠠᠨ ᠴᠡᠪᠡᠷᠯᠡᠨ ᠠᠷᠢᠭᠤᠳᠬᠠᠵᠤ᠂ ᠰᠢᠷᠤᠢ ᠶᠢ ᠨᠢ ᠭᠥᠨ ᠤᠷᠪᠠᠭᠤᠯᠤᠨ᠂ ᠪᠠᠺᠲ᠋ᠧᠷᠢ ᠶᠢᠨ ᠡᠬᠢ ᠡᠭᠦᠰᠥᠯ ᠢ | ᠬᠢᠵᠠᠭᠠᠷᠯᠠᠬᠤ ᠬᠡᠷᠡᠭᠲᠠᠢ᠃ ᠳᠤᠤᠷ᠎ᠠ ᠬᠡᠰᠡᠭ ᠤᠨ ᠬᠠᠭᠤᠴᠢᠨ ᠰᠢᠷᠠᠯᠠᠭᠰᠠᠨ ᠨᠠᠪᠴᠢ᠂ ᠡᠪᠡᠳᠴᠢᠨ ᠲᠠᠢ ᠨᠠᠪᠴᠢ ᠶᠢ | ᠠᠪᠴᠤ ᠬᠠᠶᠠᠵᠤ᠂ ᠲᠠᠬᠢᠨ ᠪᠠᠺᠲ᠋ᠧᠷᠢ ᠳᠤ ᠬᠠᠯᠳᠠᠪᠤᠷᠢᠯᠠᠭᠳᠠᠬᠤ ᠶᠢ ᠪᠠᠭᠠᠰᠬᠠᠬᠤ ᠬᠡᠷᠡᠭᠲᠠᠢ᠃ ᠲᠠᠷᠢᠶᠠᠨ ᠤ | ᠬᠠᠮᠢᠶᠠᠷᠤᠯᠲᠠ ᠪᠠᠨ ᠴᠢᠩᠭᠠᠳᠬᠠᠵᠤ᠂ ᠲᠠᠷᠢᠶᠠᠨ ᠤ ᠴᠢᠭᠢᠭ ᠤᠨ ᠬᠡᠮᠵᠢᠶ᠎ᠡ ᠶᠢ ᠪᠠᠭᠠᠰᠬᠠᠵᠤ᠂ ᠹᠤᠰᠹᠤᠷ ᠪᠤᠷᠳᠤᠭᠤᠷ᠂ | ᠺᠠᠯᠢᠳᠤ ᠪᠤᠷᠳᠤᠭᠤᠷ ᠨᠡᠮᠡᠵᠤ ᠤᠷᠤᠭᠤᠯᠬᠤ ᠬᠡᠷᠡᠭᠲᠠᠢ᠃ ᠡᠮ ᠢᠶᠠᠷ ᠰᠡᠷᠭᠡᠶᠢᠯᠡᠨ ᠵᠠᠰᠠᠬᠤ ᠳᠠᠭᠠᠨ ᠲᠤᠰ ᠭᠠᠵᠠᠷ ᠤᠨ | ᠲᠠᠷᠢᠶᠠᠯᠠᠩ ᠤᠨ ᠰᠢᠨᠵᠢᠯᠡᠭᠡ ᠮᠡᠷᠭᠡᠵᠢᠯ ᠤᠨ ᠰᠠᠯᠠᠭ᠎ᠠ ᠮᠥᠴᠢᠷ ᠠᠴᠠ ᠠᠰᠠᠭᠤᠨ ᠯᠠᠪᠯᠠᠵᠤ᠂ ᠲᠠᠷᠢᠶᠠᠨ ᠡᠮ ᠤᠨ | ᠰᠡᠷᠭᠡᠶᠢᠯᠡᠨ ᠵᠠᠰᠠᠯᠲᠠ ᠶᠢ ᠵᠤᠬᠢᠰᠲᠠᠢ ᠬᠡᠷᠡᠭᠯᠡᠬᠦ ᠬᠡᠷᠡᠭᠲᠠᠢ᠃ |