ᠡᠪᠡᠳᠴᠢᠨ ᠤ ᠢᠯᠡᠷᠡᠯ᠄ ᠡᠷᠳᠡᠨᠢ ᠰᠢᠰᠢ ᠶᠢᠨ ᠶᠡᠭᠡ ᠲᠤᠯᠪᠦ ᠭᠠᠷᠬᠤ ᠭᠡᠮ ᠢ ᠪᠠᠰᠠ ᠡᠷᠳᠡᠨᠢ ᠰᠢᠰᠢ ᠶᠢᠨ ᠡᠷᠢᠶᠡᠨ ᠲᠤᠯᠪᠤᠲᠤ ᠡᠪᠡᠳᠴᠢᠨ᠂ ᠡᠷᠳᠡᠨᠢ | ᠰᠢᠰᠢ ᠶᠢᠨ ᠨᠡᠭᠦᠷᠡᠰᠤᠨ ᠬᠤᠨᠢᠶᠠᠰᠤᠲᠤ ᠡᠪᠡᠳᠴᠢᠨ᠂ ᠡᠷᠳᠡᠨᠢ ᠰᠢᠰᠢ ᠶᠢᠨ ᠲᠤᠯᠪᠤᠲᠤ ᠡᠪᠡᠳᠴᠢᠨ᠂ ᠡᠷᠳᠡᠨᠢ ᠰᠢᠰᠢ ᠶᠢᠨ ᠨᠠᠪᠴᠢ ᠬᠤᠪᠠᠭ᠋ᠠᠶᠢᠷᠠᠬᠤ ᠡᠪᠡᠳᠴᠢᠨ | ᠭᠡᠳᠡᠭ᠃ ᠡᠪᠡᠳᠴᠢᠨ ᠤ ᠢᠯᠡᠷᠡᠯ ᠨᠢ᠄ ᠭᠤᠤᠯᠳᠠᠭᠤ ᠡᠷᠳᠡᠨᠢ ᠰᠢᠰᠢ ᠶᠢᠨ ᠨᠠᠪᠴᠢ᠂ ᠨᠠᠪᠴᠢ ᠶᠢᠨ ᠲᠤᠭᠲᠤᠢ ᠪᠠ ᠪᠠᠭᠯᠠᠭᠴᠢ ᠨᠠᠪᠴᠢ ᠶᠢ ᠬᠥᠨᠥᠭᠡᠳᠡᠭ᠃ | ᠨᠠᠪᠴᠢᠨ ᠳᠤ ᠡᠪᠡᠳᠴᠢᠨ ᠬᠠᠯᠳᠠᠪᠤᠷᠢᠯᠠᠭᠳᠠᠪᠠᠯ ᠤᠷᠢᠳᠠᠪᠡᠷ ᠤᠰᠤᠨ ᠳᠤ ᠨᠤᠷᠤᠭᠰᠠᠨ ᠪᠠᠶᠢᠳᠠᠯ ᠲᠠᠢ ᠭᠥᠨ ᠥᠨᠡᠰᠤᠨ ᠥᠩᠭᠡ ᠲᠠᠢ ᠲᠤᠯᠪᠤ ᠭᠠᠷᠴᠤ᠂ | ᠳᠠᠷᠠᠭ᠎ᠠ ᠨᠢ ᠨᠠᠪᠴᠢ ᠶᠢᠨ ᠰᠤᠳᠠᠰᠤ ᠳᠠᠭᠠᠤ ᠬᠢ ᠬᠤᠶᠠᠷ ᠬᠡᠰᠡᠭ ᠢᠶᠠᠷ ᠥᠷᠭᠡᠲᠤᠨ᠎ᠡ᠂ ᠬᠥᠪᠡᠭᠡ ᠨᠢ ᠭᠥᠨ ᠬᠥᠷᠡᠩ ᠥᠡᠭᠭᠡ ᠲᠠᠢ᠂ ᠳᠤᠮᠳᠠ ᠨᠢ ᠭᠥᠢᠬᠡᠨ | ᠬᠥᠷᠡᠩ ᠥᠡᠭᠭᠡ ᠪᠤᠶᠤ ᠭᠥᠨ ᠥᠨᠡᠰᠤᠨ ᠥᠡᠭᠭᠡ ᠲᠠᠢ ᠶᠡᠭᠡ ᠲᠤᠯᠪᠤ ᠪᠤᠯᠵᠤ ᠪᠥᠷᠢᠯᠳᠥᠨ᠎ᠡ᠃ ᠰᠡᠭᠦᠯᠴᠢ ᠶᠢᠨ ᠬᠤᠭᠤᠴᠠᠭ᠎ᠠ ᠪᠤᠯᠬᠤ ᠳᠤ ᠡᠪᠡᠳᠴᠢᠨ ᠤ | ᠲᠤᠯᠪᠤ ᠨᠢ ᠥᠷᠭᠦᠯᠵᠢ ᠭᠤᠯᠳᠤ ᠪᠠᠷ ᠬᠠᠭᠠᠷᠠᠯ ᠭᠠᠷᠳᠠᠭ᠃ ᠬᠥᠨᠳᠤ ᠪᠤᠯᠬᠤ ᠳᠠᠭᠠᠨ ᠡᠪᠡᠳᠴᠢᠨ ᠤ ᠲᠤᠯᠪᠤ ᠨᠢ ᠨᠡᠶᠢᠯᠡᠵᠤ ᠨᠠᠪᠴᠢ ᠨᠢ ᠰᠢᠷᠠᠯᠠᠵᠤ | ᠬᠤᠪᠠᠭ᠋ᠠᠶᠢᠷᠠᠭᠠᠳ ᠥᠬᠦᠬᠦ ᠬᠡᠮᠵᠢᠶᠡᠨ ᠳᠤ ᠬᠥᠷᠳᠡᠭ᠃ ᠴᠢᠭᠢᠭ ᠲᠠᠢ ᠥᠶᠡᠰ ᠡᠪᠡᠳᠴᠢᠨ ᠤ ᠲᠤᠯᠪᠤ ᠶᠢᠨ ᠳᠡᠭᠡᠷ᠎ᠡ ᠶᠡᠭᠡ ᠬᠡᠮᠵᠢᠶᠡᠨ ᠤ ᠭᠥᠨ ᠬᠠᠷ᠎ᠠ | ᠥᠡᠭᠭᠡ ᠲᠠᠢ ᠬᠥᠭᠡᠴᠤ ᠭᠠᠷᠤᠨ᠎ᠠ᠃ | ᠡᠪᠡᠳᠴᠢᠯᠡᠬᠦ ᠵᠢᠮ᠎ᠡ ᠶᠤᠰᠤ᠄ ᠡᠪᠡᠳᠴᠢᠨ ᠤ ᠪᠠᠺᠲ᠋ᠧᠷᠢ ᠭᠤᠤᠯ ᠨᠢ ᠲᠠᠷᠢᠶᠠᠨ ᠭᠠᠵᠠᠷ ᠤᠨ ᠡᠪᠡᠳᠴᠢᠲᠠᠢ ᠰᠠᠭᠤᠷᠢᠨ ᠳᠡᠭᠡᠷ᠎ᠡ ᠡᠪᠤᠯᠵᠢᠵᠤ᠂ ᠳᠠᠷᠠᠭ᠎ᠠ | ᠵᠢᠯ ᠤᠨ ᠡᠪᠡᠳᠴᠢᠨ ᠡᠭᠦᠰᠬᠦ ᠬᠠᠮᠤᠭ ᠡᠬᠢᠨ ᠤ ᠬᠠᠯᠳᠠᠪᠤᠷᠢᠯᠠᠯ ᠤᠨ ᠡᠬᠢ ᠪᠤᠯᠤᠨ᠎ᠠ᠃ ᠡᠪᠡᠳᠴᠢᠨ ᠡᠭᠦᠰᠬᠦ ᠲᠤᠬᠢᠷᠠᠮᠵᠢᠲᠠᠢ ᠳᠤᠯᠠᠭᠠᠨ 20 ~ 28 | ᠼᠧᠯᠰ ᠤᠨ ᠭᠷᠠᠳᠦ᠋ᠰ᠃ ᠨᠥᠭᠦᠴᠡᠯ ᠲᠤᠬᠢᠷᠠᠮᠵᠢᠲᠠᠢ ᠥᠶᠡᠰ ᠡᠪᠡᠳᠴᠢᠨ ᠤ ᠪᠠᠺᠲ᠋ᠧᠷᠢ ᠶᠢᠨ ᠥᠷᠡᠵᠢᠯᠲᠡ ᠨᠢ ᠬᠤᠷᠳᠤᠨ᠂ ᠶᠡᠭᠡ ᠬᠡᠮᠵᠢᠶᠡᠨ ᠤ ᠬᠤᠪᠢᠶᠠᠭᠳᠠᠮᠠᠯ | ᠰᠫᠤᠷ ᠡᠭᠦᠰᠴᠤ᠂ ᠰᠠᠯᠬᠢᠨ ᠤ ᠬᠥᠴᠥ ᠶᠢ ᠲᠥᠰᠢᠭᠯᠡᠨ ᠳᠠᠮᠵᠢᠭᠤᠯᠤᠨ᠎ᠠ᠃ ᠡᠷᠳᠡᠨᠢ ᠰᠢᠰᠢ ᠶᠢᠨ ᠶᠡᠭᠡ ᠲᠤᠯᠪᠤ ᠭᠠᠷᠬᠤ ᠭᠡᠮ ᠤᠨ ᠳᠡᠯᠭᠡᠷᠡᠬᠦ ᠬᠡᠮᠵᠢᠶ᠎ᠡ ᠨᠢ ᠡᠷᠳᠡᠨᠢ | ᠰᠢᠰᠢ ᠶᠢᠨ ᠡᠭᠦᠯᠳᠡᠷ ᠲᠠᠢ ᠬᠤᠯᠪᠤᠭᠳᠠᠯ ᠲᠠᠢ ᠠᠴᠠ ᠭᠠᠳᠠᠨ᠎ᠠ ᠭᠤᠤᠯ ᠨᠢ ᠤᠷᠴᠢᠨ ᠲᠤᠭᠤᠷᠢᠨ ᠤ ᠨᠥᠭᠦᠴᠡᠯ ︵ᠪᠤᠷᠤᠭᠠᠨ ᠤᠰᠤ᠂ ᠴᠢᠭᠢᠭ ᠤᠨ ᠬᠡᠮᠵᠢᠶ᠎ᠡ︶ | ᠠᠴᠠ ᠲᠤᠭᠲᠠᠭᠠᠭᠳᠠᠨ᠎ᠠ᠃ | ᠰᠡᠷᠭᠡᠶᠢᠯᠡᠨ ᠵᠠᠰᠠᠬᠤ ᠠᠷᠭ᠎ᠠ᠄ 1᠂ ᠡᠪᠡᠳᠴᠢᠨ ᠢ ᠳᠠᠷᠤᠬᠤ ᠡᠪᠡᠳᠴᠢᠨ ᠳᠤ ᠲᠡᠰᠪᠤᠷᠢᠲᠠᠢ ᠲᠥᠷᠥᠯ ᠵᠥᠢᠯ ᠢ ᠰᠤᠩᠭᠤᠵᠤ ᠶᠡᠭᠡ ᠪᠠᠭ᠎ᠠ ᠲᠤᠯᠪᠤ | ᠡᠪᠡᠳᠴᠢᠨ ᠢ ᠡᠰᠡᠷᠭᠦᠴᠡᠵᠤ ᠴᠢᠳᠠᠬᠤ ᠡᠷᠳᠡᠨᠢ ᠰᠢᠰᠢ ᠶᠢᠨ ᠰᠤᠯᠪᠢᠴᠠᠭᠤᠯᠤᠭᠰᠠᠨ ᠵᠦᠢᠯ ᠲᠠᠢ ᠬᠠᠪᠰᠤᠷᠭᠠᠨ᠎ᠠ᠃ 2᠂ ᠭᠤᠤᠷᠰᠤ ᠬᠠᠯᠠᠬᠤ᠂ ᠡᠭᠡᠯᠵᠢᠯᠡᠨ | ᠲᠠᠷᠢᠬᠤ ᠳᠥᠷᠢᠮ ᠢ ᠬᠡᠷᠡᠭᠵᠢᠭᠦᠯᠵᠤ᠂ ᠭᠤᠤᠷᠰᠤ ᠰᠤᠯᠢᠬᠤ ᠥᠭᠡᠢ ᠪᠠᠷ ᠲᠠᠷᠢᠬᠤ ᠠᠴᠠ ᠵᠠᠶᠢᠯᠠᠰᠬᠢᠬᠦ ᠬᠡᠷᠡᠭᠲᠠᠢ᠃ ᠨᠠᠮᠤᠷ ᠤᠨ ᠤᠯᠠᠷᠢᠯ ᠳᠤ ᠭᠠᠵᠠᠷ ᠰᠢᠷᠤᠢ ᠶᠢ | ᠭᠥᠨ ᠤᠷᠪᠠᠭᠤᠯᠵᠤ᠂ ᠡᠪᠡᠳᠴᠢᠨ ᠤ ᠥᠯᠡᠳᠡᠭᠳᠡᠯ ᠢ ᠭᠥᠨ ᠤᠷᠪᠠᠭᠤᠯᠤᠨ᠂ ᠪᠠᠺᠲ᠋ᠧᠷᠢ ᠶᠢᠨ ᠡᠬᠢ ᠶᠢ ᠠᠷᠢᠯᠭᠠᠬᠤ ᠬᠡᠷᠡᠭᠲᠠᠢ᠃ ᠰᠢᠲᠠᠭᠠᠯᠭ᠎ᠠ ᠳᠤ ᠬᠡᠷᠡᠭᠯᠡᠬᠦ | ᠡᠷᠳᠡᠨᠢ ᠰᠢᠰᠢ ᠶᠢᠨ ᠡᠰᠢ ᠰᠥᠷᠡᠯ ᠢ ᠬᠠᠪᠤᠷ ᠪᠤᠯᠤᠭᠰᠠᠨ ᠤ ᠳᠠᠷᠠᠭ᠎ᠠ ᠡᠷᠲᠡᠬᠡᠨ ᠰᠢᠢᠳᠪᠥᠷᠢᠯᠡᠪᠡᠯ ᠡᠷᠳᠡᠨᠢ ᠰᠢᠰᠢ ᠶᠢᠨ ᠮᠢᠩ ᠬᠤᠷᠤᠬᠠᠢ ᠶᠢ ᠬᠠᠮᠲᠤ ᠳᠤᠨᠢ | ᠰᠡᠷᠭᠡᠶᠢᠯᠡᠨ ᠵᠠᠰᠠᠵᠤ ᠴᠢᠳᠠᠨ᠎ᠠ᠃ ᠥᠯᠡᠳᠡᠪᠤᠷᠢ ᠡᠳ᠋ ᠢᠶᠠᠷ ᠪᠤᠷᠳᠤᠭᠤᠷ ᠪᠤᠯᠭᠠᠬᠤ ᠳᠠᠭᠠᠨ ᠭᠥᠢᠴᠡᠳ ᠢᠯᠵᠢᠷᠠᠭᠦᠯᠤᠨ ᠪᠤᠯᠪᠠᠰᠤᠷᠠᠭᠤᠯᠵᠤ ᠡᠰᠢ ᠰᠥᠷᠡᠯ ᠤᠨ | ᠪᠤᠷᠳᠤᠭᠤᠷ ᠢ ᠡᠷᠳᠡᠨᠢ ᠰᠢᠰᠢ ᠳᠤ ᠬᠡᠷᠡᠭᠯᠡᠬᠦ ᠥᠭᠡᠢ ᠪᠤᠯ ᠬᠠᠮᠤᠭ ᠰᠠᠶᠢᠨ᠃ 3᠂ ᠲᠠᠷᠢᠵᠤ ᠤᠷᠭᠤᠭᠤᠯᠬᠤ ᠮᠡᠷᠭᠡᠵᠢᠯ ᠢᠶᠠᠨ ᠰᠠᠶᠢᠵᠢᠷᠠᠭᠤᠯᠵᠤ᠂ ᠡᠷᠳᠡᠨᠢ | ᠰᠢᠰᠢ ᠶᠢᠨ ᠡᠪᠡᠳᠴᠢᠨ ᠡᠰᠡᠷᠭᠦᠴᠡᠬᠦ ᠴᠢᠨᠠᠷ ᠢ ᠨᠡᠮᠡᠭᠳᠡᠭᠦᠯᠬᠦ ᠬᠡᠷᠡᠭᠲᠠᠢ᠃ ᠵᠤᠨ ᠤ ᠤᠯᠠᠷᠢᠯ ᠤᠨ ᠡᠷᠳᠡᠨᠢ ᠰᠢᠰᠢ ᠶᠢ ᠡᠷᠲᠡ ᠲᠠᠷᠢᠪᠠᠯ ᠡᠪᠡᠳᠴᠢᠨ ᠡᠭᠦᠰᠬᠦ ᠶᠢ | ᠪᠠᠭᠠᠰᠬᠠᠵᠤ ᠴᠢᠳᠠᠨ᠎ᠠ᠃ ᠪᠤᠭᠤᠳᠠᠢ ᠪᠤᠯᠤᠨ ᠰᠢᠬᠢᠷᠯᠢᠭ ᠲᠥᠮᠥᠰᠤ ᠶᠢ ᠠᠯᠠᠭᠯᠠᠨ ᠲᠠᠷᠢᠵᠤ᠂ ᠥᠷᠭᠡᠨ ᠨᠠᠷᠢᠨ ᠵᠤᠷᠬ᠎ᠠ ᠭᠠᠷᠭᠠᠵᠤ ᠲᠠᠷᠢᠬᠤ ᠬᠡᠷᠡᠭᠲᠠᠢ᠃ | ᠵᠤᠬᠢᠰᠲᠠᠢ ᠤᠰᠤᠯᠠᠵᠤ᠂ ᠬᠤᠲᠤᠭᠤᠷ ᠭᠠᠵᠠᠷ ᠤᠨ ᠲᠠᠷᠢᠶᠠᠨ ᠤ ᠤᠰᠤ ᠶᠢ ᠲᠠᠲᠠᠷᠠᠭᠤᠯᠬᠤ ᠶᠢ ᠠᠩᠬᠠᠷᠬᠤ ᠬᠡᠷᠡᠭᠲᠠᠢ᠃ 4᠂ ᠡᠮ ᠢᠶᠠᠷ ᠰᠡᠷᠭᠡᠶᠢᠯᠡᠨ ᠵᠠᠰᠠᠬᠤ᠄ | ᠲᠡᠷᠡ ᠳᠠᠷᠤᠢ ᠳᠤᠨᠢ ᠲᠤᠰ ᠭᠠᠵᠠᠷ ᠤᠨ ᠲᠠᠷᠢᠶᠠᠯᠠᠩ ᠤᠨ ᠰᠢᠨᠵᠢᠯᠡᠭᠡ ᠮᠡᠷᠭᠡᠵᠢᠯ ᠤᠨ ᠰᠠᠯᠠᠭ᠎ᠠ ᠮᠥᠴᠢᠷ ᠠᠴᠠ ᠯᠠᠪᠯᠠᠨ ᠠᠰᠠᠭᠤᠵᠤ᠂ ᠲᠠᠷᠢᠶᠠᠨ ᠡᠮ ᠢ ᠵᠤᠬᠢᠰᠲᠠᠢ | ᠬᠡᠷᠡᠭᠯᠡᠬᠦ ᠬᠡᠷᠡᠭᠲᠠᠢ᠃ |