ᠡᠷᠳᠡᠨᠢ ᠰᠢᠰᠢ ᠶᠢᠨ ᠵᠢᠪᠡᠷᠡᠬᠦ ᠭᠡᠮ ᠢ ᠢᠯᠭᠠᠨ ᠲᠠᠨᠢᠬᠤ ᠪᠠ ᠰᠡᠷᠭᠡᠶᠢᠯᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2019-05-14
      ᠡᠪᠡᠳᠴᠢᠨ ᠤ ᠢᠯᠡᠷᠡᠯ᠄ ᠡᠷᠳᠡᠨᠢ ᠰᠢᠰᠢ ᠶᠢᠨ ᠵᠢᠪᠡᠷᠡᠬᠦ ᠭᠡᠮ ᠨᠢ ᠭᠤᠤᠯᠳᠠᠭᠤ ᠡᠷᠳᠡᠨᠢ ᠰᠢᠰᠢ ᠶᠢᠨ ᠨᠠᠪᠴᠢ ᠶᠢ ᠬᠥᠨᠥᠭᠡᠨ᠎ᠡ᠂ ᠬᠥᠨᠥᠭᠡᠭᠳᠡᠭᠰᠡᠨ ᠬᠡᠰᠡᠭ ᠡᠬᠢᠨ ᠳᠡᠭᠡᠨ ᠰᠥᠨ ᠴᠠᠭᠠᠨ ᠥᠡᠭᠭᠡ ᠲᠠᠢ ᠪᠤᠶᠤ ᠭᠥᠢᠬᠡᠨ ᠰᠢᠷ᠎ᠠ ᠥᠡᠭᠭᠡ ᠲᠠᠢ ᠡᠪᠡᠳᠴᠢᠨ ᠤ ᠲᠤᠯᠪᠤ ᠢᠯᠡᠷᠡᠨ᠎ᠡ᠂ ᠰᠡᠭᠦᠯᠡᠷ ᠨᠢ ᠰᠢᠷ᠎ᠠ ᠬᠥᠷᠡᠩ ᠥᠡᠭᠭᠡ ᠴᠢᠨᠠᠭᠰᠢᠯᠠᠪᠠᠯ ᠤᠯᠠᠭᠠᠨ ᠬᠥᠷᠡᠩ ᠥᠡᠭᠭᠡ ᠲᠠᠢ ᠵᠤᠨ ᠤ ᠰᠫᠤᠷ ᠤᠨ ᠤᠪᠤᠭ᠎ᠠ ᠪᠤᠯᠤᠨ᠎ᠠ᠂ ᠵᠤᠨ ᠤ ᠰᠫᠤᠷ ᠤᠨ ᠤᠪᠤᠭ᠎ᠠ ᠨᠢ ᠨᠠᠪᠴᠢᠨ ᠤ ᠠᠷᠤ ᠥᠪᠥᠷ ᠲᠠᠯ᠎ᠠ ᠳᠤ ᠰᠠᠷᠨᠢᠨ ᠲᠠᠷᠬᠠᠬᠤ ᠪᠤᠶᠤ ᠪᠥᠭᠡᠮᠨᠡᠷᠡᠵᠤ ᠵᠤᠤᠪᠠᠩ ᠬᠡᠯᠪᠡᠷᠢᠲᠠᠢ ᠪᠤᠶᠤ ᠤᠷᠲᠤ ᠵᠤᠤᠪᠠᠩ ᠬᠡᠯᠪᠡᠷᠢᠲᠠᠢ ᠪᠤᠯᠵᠤ ᠭᠥᠳᠦ᠋ᠢᠨ᠎ᠡ᠂ ᠥᠡᠭᠭᠡᠨ ᠠᠷᠠᠰᠤ ᠨᠢ ᠬᠠᠭᠠᠷᠠᠵᠤ ᠵᠢᠪᠡᠷᠡᠭᠰᠡᠨ ᠲᠤᠭᠤᠰᠤᠯᠢᠭ ᠬᠡᠯᠪᠡᠷᠢᠲᠠᠢ ᠵᠤᠨ ᠤ ᠰᠫᠤᠷ ᠲᠠᠷᠬᠠᠨ ᠭᠠᠷᠴᠤ᠂ ᠰᠢᠷ᠎ᠠ ᠬᠥᠷᠡᠩ ᠥᠡᠭᠭᠡ ᠪᠤᠶᠤ ᠤᠯᠠᠭᠠᠨ ᠬᠥᠷᠡᠩ ᠥᠡᠭᠭᠡ ᠪᠤᠯᠵᠤ ᠬᠤᠪᠢᠷᠠᠨ᠎ᠠ᠃ ᠰᠡᠭᠦᠯᠴᠢ ᠶᠢᠨ ᠬᠤᠭᠤᠴᠠᠭᠠᠨ ᠳᠤ ᠨᠠᠪᠴᠢᠨ ᠤ ᠠᠷᠤ ᠥᠪᠥᠷ ᠲᠠᠯ᠎ᠠ ᠳᠤ ᠤᠷᠲᠤ ᠵᠤᠤᠪᠠᠩ ᠬᠡᠯᠪᠡᠷᠢᠲᠠᠢ ᠡᠪᠤᠯ ᠤᠨ ᠰᠫᠤᠷ ᠤᠨ ᠤᠪᠤᠭ᠎ᠠ ᠪᠤᠯᠵᠤ ᠪᠥᠷᠢᠯᠳᠤᠵᠤ᠂ ᠥᠡᠭᠭᠡᠨ ᠠᠷᠠᠰᠤ ᠶᠢ ᠰᠡᠲᠡᠯᠵᠤ ᠬᠠᠷ᠎ᠠ ᠥᠡᠭᠭᠡ ᠲᠠᠢ ᠪᠤᠯᠤᠨ᠎ᠠ᠂ ᠤᠷᠲᠤ ᠨᠢ 1 ~ 2 ᠮᠢᠯᠢᠮᠧᠲᠷ᠂ ᠤᠯᠠᠨ ᠡᠪᠤᠯ ᠤᠨ ᠰᠫᠤᠷ ᠬᠤᠷᠠᠨ ᠪᠥᠭᠡᠮᠨᠡᠷᠡᠵᠤ᠂ ᠨᠠᠪᠴᠢᠨ ᠢᠯᠲᠠᠰᠤ ᠤᠷᠢᠳᠴᠢᠯᠠᠨ ᠬᠠᠲᠠᠵᠤ ᠥᠬᠦᠨ᠎ᠡ᠃        ᠡᠪᠡᠳᠴᠢᠯᠡᠬᠦ ᠵᠢᠮ᠎ᠡ ᠶᠤᠰᠤ᠄ ᠡᠷᠳᠡᠨᠢ ᠰᠢᠰᠢ ᠶᠢᠨ ᠵᠢᠪᠡᠷᠡᠬᠦ ᠪᠠᠺᠲ᠋ᠧᠷᠢ ᠡᠪᠤᠯ ᠤᠨ ᠰᠫᠤᠷ ᠡᠪᠳᠴᠢᠨ ᠲᠠᠢ ᠡᠷᠳᠡᠨᠢ ᠰᠢᠰᠢ ᠶᠢᠨ ᠥᠯᠡᠳᠡᠭᠳᠡᠯ ᠪᠡᠶ᠎ᠡ ᠳᠡᠭᠡᠷ᠎ᠡ ᠡᠪᠤᠯᠵᠢᠨ᠎ᠡ᠂ ᠲᠠᠷᠢᠶᠠᠨ ᠭᠠᠵᠠᠷ ᠤᠨ ᠳᠠᠮᠵᠢᠯᠲᠠ ᠨᠢ ᠵᠤᠨ ᠤ ᠰᠫᠤᠷ ᠳᠠᠬᠢᠨ ᠳᠠᠪᠲᠠᠨ ᠬᠠᠯᠳᠠᠪᠤᠷᠢᠯᠠᠬᠤ ᠪᠠᠷ ᠭᠤᠤᠯᠯᠠᠨ᠎ᠠ᠃ ᠡᠪᠡᠳᠴᠢᠨ ᠬᠤᠷᠤᠬᠠᠢ ᠶᠢᠨ ᠬᠥᠨᠥᠭᠡᠯ ᠡᠭᠦᠰᠬᠦ ᠨᠢ ᠡᠷᠳᠡᠨᠢ ᠰᠢᠰᠢ ᠶᠢᠨ ᠡᠭᠦᠯᠳᠡᠷ ᠪᠠ ᠠᠭᠤᠷ ᠠᠮᠢᠰᠬᠤᠯ ᠤᠨ ᠨᠥᠭᠦᠴᠡᠯ ᠲᠠᠢ ᠨᠢᠭᠲᠠ ᠬᠠᠷᠢᠴᠠᠭ᠎ᠠ ᠲᠠᠢ᠂ ᠳᠤᠯᠠᠭᠠᠨ ᠪᠠ ᠴᠢᠭᠢᠭ ᠤᠨ ᠨᠥᠭᠦᠴᠡᠯ ᠪᠤᠯ ᠡᠪᠡᠳᠴᠢᠨ ᠡᠭᠦᠰᠬᠦ ᠶᠢ ᠨᠥᠯᠥᠭᠡᠯᠡᠬᠦ ᠬᠠᠮᠤᠭ ᠴᠢᠬᠤᠯᠠ ᠡᠯᠧᠮᠧᠨ᠋ᠲ ᠪᠤᠯᠤᠨ᠎ᠠ᠂ ᠵᠤᠨ ᠤ ᠰᠫᠤᠷ  ᠡᠭᠦᠰᠬᠦ ᠬᠠᠮᠤᠭ ᠲᠤᠬᠢᠷᠠᠮᠵᠢᠲᠠᠢ ᠲᠤᠯᠠᠭᠠᠨ 25 ᠼᠧᠯᠰ ᠤᠨ ᠭᠷᠠᠳᠦ᠋ᠰ᠂ ᠥᠨᠳᠥᠷ ᠴᠢᠭᠢᠭ ᠤᠨ ᠨᠥᠭᠦᠴᠡᠯ ᠳᠤᠤᠷ᠎ᠠ ᠵᠢᠪᠡᠷᠡᠬᠦ ᠭᠡᠮ ᠠᠮᠠᠷᠬᠠᠨ ᠡᠭᠦᠰᠴᠤ ᠳᠡᠯᠭᠡᠷᠡᠨ᠎ᠠ᠃      ᠰᠡᠷᠭᠡᠶᠢᠯᠡᠨ ᠵᠠᠰᠠᠬᠤ ᠠᠷᠭ᠎ᠠ᠄ ᠴᠢᠨᠠᠷ ᠰᠠᠶᠢᠲᠠᠢ᠂ ᠤᠨᠠᠯᠲᠠ ᠥᠨᠳᠥᠷ᠂ ᠡᠪᠡᠳᠴᠢᠨ ᠬᠤᠷᠤᠬᠠᠢ ᠶᠢ ᠡᠰᠡᠷᠭᠦᠴᠡᠬᠦ ᠰᠠᠶᠢᠨ ᠡᠭᠦᠯᠳᠡᠷ ᠢ ᠰᠤᠩᠭᠤᠨ᠎ᠠ᠃ ᠵᠤᠬᠢᠰᠲᠠᠢ ᠪᠤᠷᠳᠤᠭᠤᠷ ︵ᠹᠤᠰᠹᠤᠷ ᠺᠠᠯᠢ ᠶᠢᠨ ᠪᠤᠷᠳᠤᠭᠤᠷ︶ ᠤᠷᠤᠭᠤᠯᠤᠨ᠎ᠠ᠃ ᠨᠠᠮᠤᠷ ᠤᠨ ᠬᠤᠷᠢᠶᠠᠯᠲᠠ ᠶᠢᠨ ᠳᠠᠷᠠᠭ᠎ᠠ ᠲᠠᠷᠢᠶᠠᠨ ᠭᠠᠵᠠᠷ ᠤᠨ ᠥᠯᠡᠳᠡᠭᠳᠡᠯ ᠡᠰᠢ ᠨᠠᠪᠴᠢ ᠶᠢ ᠴᠠᠭ ᠲᠤᠬᠠᠢ ᠳᠤᠨᠢ ᠠᠷᠢᠯᠭᠠᠵᠤ᠂  ᠡᠪᠡᠳᠴᠢᠨ ᠲᠠᠢ ᠥᠯᠡᠳᠡᠭᠳᠡᠯ ᠡᠰᠢ ᠨᠠᠪᠴᠢ ᠶᠢ ᠰᠢᠳᠠᠭᠠᠬᠤ ᠪᠤᠶᠤ ᠪᠤᠷᠳᠤᠭᠤᠷ ᠢᠯᠵᠢᠷᠡᠭᠦᠯᠵᠤ᠂ ᠲᠠᠷᠢᠶᠠᠨ ᠭᠠᠵᠠᠷ ᠤᠨ ᠡᠪᠡᠳᠴᠢᠨ ᠤ ᠪᠠᠺᠲ᠋ᠧᠷᠢ ᠶᠢᠨ ᠡᠬᠢ ᠶᠢ ᠪᠠᠭᠠᠰᠬᠠᠨ᠎ᠠ᠃  
 
ᠢᠷᠡᠯᠲᠡ᠄ ᠠᠯᠲᠠᠨ ᠬᠦᠷᠳᠦ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号