ᠪᠣᠭᠤᠷᠣᠯ ᠰᠠᠬᠢᠭᠤᠰᠣ ᠲᠠᠢ ᠨᠣᠲᠤᠭ ᠤᠨ ᠮᠢᠨᠢ ᠪᠣᠷᠣᠬᠠᠨ ᠲᠣᠯᠣᠭᠠᠳ
ᠨᠡᠶᠢᠲᠡᠯᠡᠭᠰᠡᠨ ᠴᠠᠭ᠄
2019/5/13
ᠵᠣᠬᠢᠶᠠᠭᠴᠢ᠄ ᠰ᠊᠂ ᠬᠠᠰᠪᠠᠭᠠᠨ᠎ᠠ      ᠪᠤᠳᠤᠯ ᠵᠡᠬᠦᠳᠥᠨ ᠤ ᠡᠴᠢᠨ᠎ᠠ ᠳᠠᠯᠳᠠ ᠬᠦᠨ ᠰᠢᠩᠭᠡᠭᠰᠡᠨ ᠨᠤᠳᠤᠭ ᠤᠨ ᠮᠢᠨᠢ ᠪᠤᠷᠤᠬᠠᠨ ᠳᠤᠯᠤᠭᠠᠳ ᠤᠨ ᠪᠤᠭᠤᠷᠤᠯ ᠤᠨᠢᠶᠠᠷ ᠢ ᠰᠢᠪᠠᠭᠤᠳ ᠨᠢ ᠠᠷᠭᠠᠳᠠᠨ ᠢᠯᠪᠢᠵᠤ᠂ ᠨᠤᠳᠤᠭ ᠢᠶᠠᠨ ᠠᠷᠭᠠᠳᠠᠭᠰᠠᠨ ᠳᠡᠷᠡ ᠬᠦᠭᠡᠷᠥᠬᠦᠢ ᠰᠢᠪᠠᠭᠤᠳ ᠲᠤ ᠨᠡᠬᠦᠬᠦ ᠶᠢᠨ ᠳᠤᠬᠢᠶ᠎ᠠ ᠬᠡᠳᠦ᠋ᠢᠨ ᠢᠷᠡᠴᠢᠭᠡᠭᠰᠡᠨ ᠴᠦ ᠳᠦᠷᠥᠬᠦᠯᠵᠥ ᠦᠰᠭᠡᠭᠰᠡᠨ ᠨᠤᠳᠤᠭ ᠠᠴᠠ ᠪᠠᠨ ᠨᠡᠬᠦᠵᠥ ᠳᠦᠪᠳᠡᠬᠦ ᠦᠭᠡᠢ ᠡᠷᠡᠬᠡᠯᠵᠡᠨ᠂ ᠨᠢᠰᠴᠤ ᠳᠠᠪᠳᠠᠷᠢᠬᠦ ᠶᠢᠨ ᠤᠬᠠᠭᠠᠨ ᠳᠠᠷ ᠢ ᠤᠯᠭᠤᠭᠰᠠᠨ ᠬᠦᠨ ᠴᠡᠩᠭᠡᠷ ᠳᠡᠭᠷᠢ ᠳᠡᠭᠡᠨ ᠬᠤᠶᠠᠷ ᠭᠠᠷᠯᠠᠨ ᠰᠢᠩᠭᠡᠭᠦ ᠠᠪᠠᠴᠤ᠂ ᠤᠳᠠᠵᠤ ᠳᠦᠳᠡᠯ ᠦᠭᠡᠢ ᠤᠶᠠᠷᠠᠨ ᠭᠠᠩᠭᠠᠨᠠᠨ ᠪᠠᠭᠤᠳᠠᠯ ᠤᠨ ᠨᠠᠭᠤᠷ ᠲᠠᠭᠠᠨ ᠳᠠᠬᠢᠭᠠᠳ ᠯᠠ ᠰᠠᠭᠠᠳᠠᠨ᠎ᠠ ᠃ ᠡᠷᠳᠡ ᠳᠡᠭᠡᠳᠥ ᠦᠶ᠎ᠡ ᠳᠤ ᠳᠡᠮᠡᠭᠡ᠂ ᠦᠭᠡᠷ ᠢᠶᠠᠷ ᠳᠠᠪᠤᠰᠤ ᠳᠡᠭᠡᠭᠡᠳᠡᠭ ᠪᠠᠶᠢᠬᠤ ᠳᠤ ᠵᠢᠩᠴᠢᠨ ᠠᠶᠠᠨᠴᠢᠨ ᠡᠨᠡ ᠨᠠᠭᠤᠷ ᠢ ᠪᠠᠷᠠᠳᠠᠨ ᠤᠨᠤᠭ᠎ᠠ ᠮᠠᠯ ᠢᠶᠠᠨ ᠤᠰᠤᠯᠠᠨ᠂ ᠬᠦᠮᠥᠨ ᠵᠤᠨ ᠨᠢ ᠷᠠᠰᠢᠶᠠᠨ ᠠᠴᠠ ᠬᠦᠷᠳᠡᠵᠥ ᠪᠠᠭᠤᠳᠠᠭ ᠢᠶᠠᠷ ︽ᠪᠠᠭᠤᠳᠠᠯ︾ ᠭᠡᠭᠳᠡᠭᠰᠡᠨ ᠡᠨᠡ ᠵᠢᠭᠠᠬᠠᠨ ᠨᠠᠭᠤᠷ ᠭᠡᠴᠢᠨᠠᠨ ᠴᠦ ᠬᠦᠮᠥᠨ ᠬᠠᠷ᠎ᠠ᠂ ᠠᠳᠤᠭᠤᠰᠤ ᠠᠮᠢᠳᠠᠨ ᠤ ᠤᠮᠳᠠ ᠨᠢ ᠪᠤᠯᠵᠤ᠂ ᠭᠡᠴᠢᠨᠡᠨ ᠴᠦ ᠤᠯᠠᠨ ᠠᠩᠬᠢᠷ ᠬᠤᠨ ᠤ ᠨᠢᠯᠬ᠎ᠠ ᠬᠤᠩᠭᠤᠷ ᠦᠷ᠎ᠡ ᠶᠢ ᠭᠡᠪᠡᠯᠢ ᠳᠡᠭᠡᠨ ᠪᠠᠭᠳᠠᠭᠠᠨ ᠵᠢᠬᠦᠷ ᠰᠦᠳᠥ ᠪᠦᠷᠢᠳᠥᠬᠦᠯᠥᠭᠰᠡᠨ ᠢ ᠳᠦᠰᠥᠭᠡᠯᠡᠬᠦᠶ᠎ᠡ ᠪᠡᠷᠭᠡ᠃ ᠵᠡᠭᠡᠰᠥᠨ ᠰᠦᠯ᠂ ᠱᠠᠭᠱᠠᠭ ᠤᠨ ᠳᠤᠯᠤᠭᠠᠢ ᠤᠯᠠᠷᠢᠯ ᠤᠨ ᠠᠶᠠᠰ ᠢ ᠬᠦᠭᠯᠡᠨ᠂ ᠵᠢᠷᠭᠠᠯᠠᠩᠳᠤ ᠶᠢᠨ ᠬᠦᠨᠳᠡᠢ ᠶᠢᠨ ᠭᠤᠤᠯ ᠳᠤ ᠯᠥᠭᠯᠦ᠋ᠢᠨ ᠰᠠᠭᠠᠳᠠᠭᠰᠠᠨ ᠭᠤᠤᠯ ᠤᠨ ᠤᠷᠤᠢ ᠶᠢ ᠬᠤᠴᠢᠨ ᠪᠤᠳᠠᠷᠠᠵᠤ᠂ ᠡᠭᠡᠭᠡ ᠯᠠ ᠴᠠᠯ ᠪᠤᠭᠤᠷᠤᠯ ᠡᠪᠦᠭᠡ ᠮᠢᠨᠢ ᠴᠠᠭᠠᠰᠢ ᠬᠠᠨᠳᠤᠨ ᠰᠠᠭᠤᠭᠠᠳ ᠭᠠᠩᠰᠠ ᠪᠠᠨ ᠨᠠᠷᠠᠵᠤ᠂ ᠪᠤᠭᠰᠢᠭᠠᠭᠰᠠᠨ ᠤᠳᠤᠭ᠎ᠠ ᠨᠢ ᠪᠦᠳᠥᠨ ᠬᠦᠨᠳᠡᠢ ᠶᠢ ᠳᠦᠭᠦᠷᠬᠡᠭᠰᠡᠨ ᠮᠠᠳᠤ᠃ ᠴᠠᠭᠠᠨ ᠳᠠᠷᠠᠰᠤ ᠲᠠᠢ ᠠᠭᠤᠵᠢᠮ ᠬᠦᠨᠳᠡᠢ ᠪᠠᠨ ᠳᠤᠭᠤᠷᠢᠭᠠᠳ ᠬᠤᠯᠠ ᠮᠤᠷᠢ ᠤᠨᠠᠭᠠᠯᠠᠭᠰᠠᠨ ᠢᠶᠠᠷ ︽ᠬᠤᠯᠠ ᠶᠢᠨ ᠬᠤᠸᠠ︾ ᠭᠡᠭᠳᠡᠭᠰᠡᠨ ᠨᠠᠮᠬᠠᠨ ᠪᠤᠷᠤ ᠳᠤᠯᠤᠭᠠᠢ᠂ ᠨᠠᠷ᠎ᠠ ᠢᠵᠢᠯ ᠦᠭᠡᠢ ᠢᠵᠢᠯᠭᠡᠨ ᠪᠤᠷᠤᠯᠠᠭ ᠤᠳ ᠦᠷᠭᠦᠯᠵᠢᠯᠡᠵᠥ ᠪᠤᠭᠤᠷᠤᠯ ᠤᠨ ᠢᠷᠥᠭᠡᠯ ᠰᠢᠩᠭᠡᠭᠰᠡᠨ ᠳᠡᠷᠡ ᠯᠠ ᠪᠤᠷᠤ ᠳᠤᠯᠤᠭᠠᠢ᠂ ᠴᠠᠭᠠᠨ ᠳᠠᠷᠠᠰᠤ ᠲᠠᠢ ᠬᠦᠨᠳᠡᠢ᠂ ᠨᠦᠬᠦᠭᠡ ᠯᠡ ᠬᠤᠨ ᠤ ᠳᠡᠭᠳᠡᠭᠡᠭᠡᠢ ᠰᠢᠭ ᠨᠠᠮᠠᠢᠢ ᠦᠰᠭᠡᠵᠥ᠂ ᠨᠠᠳᠠ ᠲᠠᠢ ᠬᠠᠮᠳᠤ ᠬᠦᠭᠵᠢᠯ ᠮᠠᠨᠳᠤᠯ ᠢ ᠴᠤ ᠠᠪᠴᠢᠷᠠᠭᠰᠠᠨ ᠰᠢᠭ᠋ ᠰᠠᠨᠠᠭᠳᠠᠨ᠎ᠠ᠃ᠨᠢᠯᠬ᠎ᠠ ᠬᠤᠩᠭᠤᠷ ᠨᠠᠰᠤᠨ ᠳᠠᠭᠠᠨ ᠬᠤᠷᠠᠭ᠎ᠠ ᠳᠤᠭᠤᠯ ᠬᠠᠷᠢᠭᠤᠯᠤᠨ ᠪᠤᠷᠭᠠᠰᠤᠨ ᠮᠤᠷᠢ ᠲᠠᠢ ᠬᠠᠳᠠᠷᠢᠵᠤ᠂ ᠬᠤᠪᠤᠷᠬᠠᠨ ᠤᠯᠳᠠᠬᠤ ᠠᠮᠤ ᠠᠭ᠎ᠠ ᠳᠤᠯᠢᠶᠠᠨ᠂ ᠡᠷᠳᠡᠨᠢ ᠰᠢᠰᠢ ᠶᠢᠨ ᠭᠡᠮᠭᠡᠳᠡᠭ ᠪᠤᠳᠠᠭ᠎ᠠ ᠪᠠᠷ ᠦᠯ ᠵᠠᠯᠭᠠᠭᠰᠠᠨ ᠦᠯᠥᠰᠬᠦᠯᠡᠩ ᠭᠡᠥᠭᠡᠳ᠂ ᠢᠮᠠᠭ᠎ᠠ ᠬᠤᠯᠠᠭᠠᠶᠢᠯᠠᠨ ᠬᠦᠬᠦᠵᠥ ᠶᠠᠪᠤᠭᠰᠠᠨ ᠪᠡᠯᠴᠢᠷ ᠨᠠᠰᠤ ᠪᠠᠨ ᠤᠷᠬᠢᠬᠤ ᠳᠤ ᠪᠠᠷᠢᠭᠠᠳᠠ ᠠᠴᠠ ᠬᠤᠪᠢᠳᠠᠵᠤ ᠤᠯᠤᠭᠰᠠᠨ ᠪᠤᠷᠤ ᠳᠠᠭ᠎ᠠ ᠪᠠᠷ ᠳᠠᠪᠠᠷᠠᠭᠠᠵᠤ᠂ ᠯᠠ ᠨᠤᠴᠤᠭᠠᠳᠠᠭ ᠪᠤᠯᠤᠭᠰᠠᠨ ᠢᠶᠠᠷ ᠬᠠᠮᠠᠷ ᠤᠨ ᠨᠦᠭᠡ ᠬᠠᠷᠠᠯᠠᠳᠠᠯ᠎ᠠ ᠤᠳᠤᠳᠠᠭ ᠴᠢᠯᠠᠭᠤᠨ ᠳᠤᠰᠤ᠂ ᠮᠠᠭᠠᠵᠢᠨ ᠳᠤᠰᠤᠨ ᠳ᠋ᠧᠩ ᠠᠴᠠ ᠰᠠᠯᠤᠭᠰᠠᠨ᠃ ᠦᠭᠡᠷᠡᠴᠢᠯᠡᠯᠳᠡ ᠨᠡᠭᠡᠭᠡᠯᠳᠡ ᠶᠢᠨ ᠴᠠᠭ ᠦᠶ᠎ᠡ ᠡᠬᠢᠯᠡᠵᠥ ᠠᠶᠢᠯ ᠤᠳ ᠤᠨ ᠠᠮᠢᠳᠤᠷᠠᠯ ᠠᠬᠤᠢ ᠰᠠᠶᠢᠵᠢᠷᠠᠨ ᠵᠠᠯᠠᠭᠤᠰ ᠮᠤᠲ᠋ᠤᠷ ᠤᠨᠤᠨ ᠬᠡᠶᠢᠰᠭᠡᠵᠥ᠂ ᠠᠶᠢᠯ ᠤᠳ ᠤᠨ ᠭᠠᠳᠠᠨ᠎ᠠ ᠰᠠᠯᠬᠢᠨ ᠨᠠᠷᠠᠨ ᠡᠨᠧᠷᠬᠢ ᠶᠢᠨ ᠴᠠᠭᠢᠯᠭᠠᠨ ᠮᠠᠰᠢᠨ ᠭᠢᠯᠡᠯᠵᠡᠨ᠂ ᠴᠦᠭᠡᠨ ᠠᠶᠢᠯ ᠤᠨ ᠭᠠᠳᠠᠨ᠎ᠠ ᠮᠠᠰᠢᠨ ᠬᠠᠷᠠᠭᠳᠠᠳᠠᠭ ᠪᠤᠯᠪᠠ᠃      ᠳᠤᠮᠳᠠᠳᠤ ᠰᠤᠷᠭᠠᠭᠤᠯᠢ ᠳᠤ ᠪᠠᠶᠢᠬᠤ ᠳᠠᠭᠠᠨ ᠬᠠᠶᠠ ᠠᠶᠢᠯ ᠤᠨ ᠡᠭᠡᠴᠢ ᠶᠢᠨ ᠰᠤᠮᠤᠨ ᠳᠦᠪ ᠠᠴᠠ ᠵᠠᠯᠭᠠᠭᠰᠠᠨ ᠤᠳᠠᠰᠤ ᠶᠢ ᠳᠤᠰᠬᠤ ᠳᠠᠭᠠᠨ ᠭᠡᠵᠢᠶ᠎ᠡ ᠨᠢᠭᠡ ᠡᠳᠥᠷ ᠮᠦᠩᠭᠦ ᠳᠦᠬᠦᠷᠢᠭ ᠲᠠᠢ ᠪᠤᠯᠴᠢᠬᠠᠪᠠᠯ ᠰᠤᠮᠤᠨ ᠳᠦᠪ ᠠᠴᠠ ᠭᠡᠷ ᠦᠭᠡᠳᠡ ᠪᠠᠨ ᠰᠢᠥᠳᠡᠨ ᠬᠤᠯᠪᠤᠭᠠᠨ ᠤ ᠤᠳᠠᠰᠤ ᠶᠢ ᠳᠠᠳᠠᠭᠠᠳ ᠬᠦᠷᠭᠡᠴᠢᠪᠡᠯ ᠭᠡᠷ ᠤᠨ ᠬᠢᠨ ᠲᠠᠢ ᠪᠠᠨ ᠰᠠᠨᠠᠭ᠎ᠠ ᠳᠠᠪᠠ ᠪᠠᠷ ᠶᠠᠷᠢᠴᠢᠬᠠᠬᠤ ᠰᠠᠨ ᠭᠡᠵᠤ ᠪᠤᠳᠤᠳᠠᠭ ᠪᠠᠶᠢᠭᠰᠠᠨ᠂ ᠳᠤᠮᠳᠠᠳᠤ ᠰᠤᠷᠭᠠᠭᠤᠯᠢ ᠪᠠᠨ ᠳᠡᠬᠦᠰᠥᠭᠡᠳ ᠪᠤᠴᠠᠬᠤ ᠳᠤ ᠬᠤᠰᠢᠭᠤᠨ ᠠᠴᠠ ᠰᠤᠮᠤ ᠤᠷᠤᠭᠤ ᠰᠤᠨᠤᠭᠰᠠᠨ ᠬᠦᠯᠢᠭᠡᠷ ᠬᠠᠷ᠎ᠠ ᠵᠠᠮ ᠤᠨ ᠬᠦᠪᠡᠭᠡᠨ᠎ᠡ ᠨᠠᠮᠠᠢᠢ ᠳᠤᠰᠳᠠᠭ ᠭᠠᠵᠠᠷ ᠢᠶᠠᠨ ᠮᠠᠰᠢᠨ ᠲᠠᠢ ᠢᠷᠡᠨ ᠬᠦᠯᠢᠶᠡᠵᠤ ᠪᠠᠶᠢᠭᠰᠠᠨ ᠠᠶᠢᠯ ᠤᠨ ᠡᠭᠡᠴᠢ᠂ ᠠᠶᠠᠨᠴᠢᠨ ᠤ ᠮᠠᠰᠢᠨ ᠠᠴᠠ ᠪᠠᠭᠤᠬᠤ ᠶᠢᠨ ᠵᠡᠷᠭᠡ ᠬᠦᠶᠥᠨ ᠢᠷᠡᠵᠥ ᠦᠯᠮᠠᠢ ᠳᠡᠭᠡᠷ᠎ᠡ ᠪᠠᠨ ᠵᠤᠭᠰᠤᠨ ᠮᠠᠩᠨᠠᠢ ᠳᠡᠭᠡᠷ᠎ᠡ ᠮᠢᠨᠢ ᠦᠨᠥᠰᠥᠭᠡᠳ᠂ ᠬᠦᠵᠥᠬᠦᠥ ᠪᠠᠷ ᠳᠠᠪᠠᠷᠢᠨ ᠮᠦᠷᠥᠨ ᠳᠡᠭᠡᠷ᠎ᠡ ᠮᠢᠨᠢ ᠮᠡᠭᠰᠢᠨ᠄ ︽ᠮᠠᠭᠤ ᠳᠠᠬᠦᠥ ᠮᠢᠨᠢ ᠳᠤᠮᠤ ᠪᠤᠯᠵᠤ ᠳ᠋ᠠ ᠬᠦᠭᠡᠷᠥᠬᠦᠢ︕ ᠡᠭᠡᠴᠢ ᠨᠢ ᠠᠶᠢᠯ ᠳᠤ ᠮᠤᠷᠳᠠᠬᠤ ᠪᠠᠷ ᠪᠤᠯᠴᠢᠬᠠᠭᠰᠠᠨ᠂ ᠶᠠᠪᠤᠬᠤ ᠶᠢᠨ ᠳᠤᠯᠤᠭᠠᠢ ᠳᠡᠭᠡᠷ᠎ᠡ ᠨᠤᠳᠤᠭ ᠲᠠ ᠬᠤᠶᠠᠷ ᠢᠶᠠᠨ ᠤᠷᠬᠢᠵᠤ ᠴᠢᠳᠠᠬᠤ ᠦᠭᠡᠢ ᠡᠯᠢᠭᠡ ᠡᠮᠳᠡᠷᠡᠭᠡᠳ ᠪᠠᠶᠢᠬᠤ ᠶᠤᠮ᠃ ᠡᠭᠡᠴᠢ ᠨᠢ ᠶᠠᠪᠤᠴᠢᠬᠠᠪᠠᠯ ᠳᠡᠬᠦᠥ ᠮᠢᠨᠢ ᠶᠠᠭᠠᠭᠢᠵᠤ ᠦᠨᠥᠴᠢᠷᠡᠬᠦ ᠰᠠᠨ ᠪᠤᠯ︖ ᠡᠭᠡᠴᠢ ᠨᠢ ᠪᠠᠶᠢᠩᠭᠤ ᠳᠡᠬᠦᠥ ᠳᠡᠭᠡᠨ ᠤᠳᠠᠰᠤ ᠠᠪᠴᠤ ᠪᠠᠶᠢᠶ᠎ᠠ︕ ᠡᠭᠡᠴᠢ ᠶᠢᠨ ᠬᠢᠨ ᠤᠴᠢᠭᠰᠠᠨ ᠠᠶᠢᠯ ᠤᠳᠠᠰᠤ ᠦᠭᠡᠢ ᠬᠠᠷᠢᠯᠴᠠᠭᠤᠷ ᠤᠭᠰᠠᠷᠠᠴᠢᠬᠠᠭᠰᠠᠨ ᠠᠶᠢᠯ︕︾ ᠭᠡᠯ᠎ᠡ᠃ ᠵᠠᠮ ᠳᠤᠵᠢ ᠤᠳᠠᠰᠤ ᠦᠭᠡᠢ ᠬᠠᠷᠢᠯᠴᠠᠭᠤᠷ ᠤᠨ ᠳᠤᠬᠠᠢ ᠭᠠᠶᠢᠬᠠᠨ ᠪᠤᠳᠤᠵᠤ ᠶᠠᠪᠤᠯ᠎ᠠ᠃ ᠰᠤᠷᠭᠠᠭᠤᠯᠢ ᠶᠢᠨ ᠬᠦᠷᠢᠶᠡᠨ᠎ᠡ ᠳᠠᠷᠪᠠᠵᠤ ᠶᠠᠪᠤᠬᠤ ᠳᠠᠭᠠᠨ ᠬᠦᠭᠵᠢᠯ ᠴᠡᠴᠡᠭᠯᠡᠯ ᠢ ᠬᠠᠷᠠᠭ᠎ᠠ ᠦᠭᠡᠢ ᠶᠠᠪᠤᠵᠤ ᠳ᠋ᠠ᠃     ᠨᠠᠮᠠᠢᠢ ᠬᠦᠮᠥᠨ ᠪᠤᠯᠭᠠᠭᠰᠠᠨ ᠨᠤᠳᠤᠭ ᠤᠨ ᠮᠢᠨᠢ ᠪᠤᠭᠤᠷᠤᠯ ᠳᠤᠯᠤᠭᠠᠳ᠂ ᠳᠡᠭᠡᠷ᠎ᠡ ᠨᠢ ᠵᠠᠪᠢᠯᠠᠨ ᠬᠦᠮᠥᠨ ᠪᠤᠯᠬᠤ ᠶᠢᠨ ᠤᠴᠢᠷ ᠵᠦᠢ ᠶᠢ ᠳᠠᠶᠢᠪᠤᠭᠤᠬᠠᠨ ᠦᠯᠢᠭᠡᠷᠯᠡᠭᠰᠡᠨ ᠪᠤᠭᠤᠷᠤᠯ ᠰᠠᠬᠢᠭᠤᠰᠤ᠂ ᠵᠤᠷᠢᠭ ᠢ ᠮᠢᠨᠢ ᠬᠦᠪᠴᠢᠯᠡᠨ ᠡᠷ᠎ᠡ ᠵᠤᠷᠢᠭ ᠬᠠᠶᠢᠷᠠᠯᠠᠭᠰᠠᠨ ᠡᠪᠥᠭᠡᠨ ᠪᠦᠷᠬᠦᠳ᠂ ᠤᠶᠠᠷᠠᠯ ᠬᠠᠶᠢᠯᠠᠯ ᠰᠤᠶᠤᠷᠬᠠᠭᠰᠠᠨ ᠬᠤᠨ ᠠᠩᠬᠢᠷ ᠤᠳ ᠭᠤᠷᠪᠠᠭ᠋ᠠᠨ ᠨᠠᠰᠤ ᠠᠬᠠᠯᠠᠬᠤ ᠬᠦᠷᠰᠢ ᠶᠢᠨ ᠦᠬᠢᠨ ᠠᠶᠢᠯ ᠤᠨ ᠡᠭᠡᠴᠢ ᠲᠠᠢ ᠬᠠᠮᠳᠤ ᠤᠨᠠᠬᠤ ᠨᠢᠯᠪᠤᠰᠤ ᠶᠢ ᠮᠢᠨᠢ ᠠᠷᠴᠢᠭᠰᠠᠨ ᠨᠤᠳᠤᠭ ᠤᠨ ᠬᠦᠭᠡ ᠰᠠᠯᠬᠢ ᠶᠢ ᠰᠠᠨᠠᠬᠤ ᠦᠭᠡᠢ ᠪᠠᠶᠢᠬᠤ ᠶᠢᠨ ᠠᠷᠭ᠎ᠠ ᠦᠭᠡᠢ ᠳᠠᠶᠢᠮᠤ ᠨᠠᠰᠤ ᠬᠦᠮᠥᠨ ᠳᠤ ᠢᠷᠡᠳᠡᠭ ᠪᠠᠶᠢᠵᠠᠢ᠃     ᠨᠠᠮᠠᠢᠢ ᠠᠯᠢ ᠨᠢᠭᠡ ᠰᠤᠷᠭᠠᠭᠤᠯᠢ ᠳᠤ ᠳᠠᠪᠰᠢᠬᠤ ᠪᠤᠯᠭᠠᠨ ᠨᠤᠳᠤᠭ ᠤᠨ ᠬᠦᠭᠡ ᠡᠪᠥᠭᠡᠳ ᠪᠤᠭᠤᠷᠤᠯ ᠡᠮᠡᠭᠡᠳ ᠠᠮᠠ ᠴᠠᠭᠠᠨ ᠢᠷᠥᠭᠡᠯ ᠢᠶᠠᠨ ᠳᠡᠪᠰᠢᠬᠦᠯᠵᠥ ᠰᠦ ᠡᠷᠬᠦᠨ ᠨᠠᠮᠠᠢᠢ ᠮᠤᠷᠳᠠᠭᠤᠯᠵᠤ ᠳᠡᠷᠡ ᠯᠠ ᠪᠤᠭᠤᠷᠤᠯ ᠰᠠᠬᠢᠭᠤᠰᠤ ᠤᠳ ᠤᠨ ᠢᠷᠥᠭᠡᠯ ᠰᠢᠩᠬᠡᠨ ᠪᠢ ᠬᠦᠮᠥᠨ ᠤ ᠳᠠᠶᠢᠳᠠᠢ ᠬᠦᠮᠥᠨ ᠪᠤᠯᠤᠭᠰᠠᠨ᠃ ᠭᠡᠷ ᠤᠨ ᠮᠢᠨᠢ ᠠᠷᠤ ᠳᠤ ᠰᠦᠭᠯᠡᠶᠢᠭᠰᠡᠨ ᠬᠦᠭᠰᠢᠨ ᠬᠠᠶᠢᠯᠠᠰᠤ ᠤᠯᠠᠨ ᠪᠤᠯᠵᠤᠮᠤᠷ ᠢᠶᠠᠨ ᠵᠢᠷᠬᠢᠬᠦᠯᠦᠨ᠂ ᠪᠠᠶᠠᠷ ᠤᠨ ᠱᠠᠭᠠᠵᠠᠭᠠᠢ ᠪᠠᠨ ᠱᠠᠭᠰᠢᠭᠠᠨ ᠪᠠᠶᠢᠭᠠᠯᠢ ᠶᠢᠷᠳᠢᠨᠴᠤ ᠬᠦᠮᠥᠨ ᠵᠤᠨ ᠤ ᠤᠯᠠᠨ ᠠᠷᠪᠢᠨ ᠶᠤᠰᠤ ᠤᠴᠢᠷ ᠢ ᠨᠠᠳᠠ ᠬᠦᠦᠷᠨᠢᠭᠰᠡᠨ᠃ ᠠᠶᠢᠯ ᠤᠨ ᠡᠭᠡᠴᠢ ᠮᠢᠨᠢ ᠬᠦᠵᠥᠬᠦᠥ ᠪᠠᠷ ᠳᠠᠪᠠᠷᠢᠨ ᠮᠦᠷᠥ ᠶᠢ ᠮᠢᠨᠢ ᠳᠦᠰᠢᠨ ᠤᠬᠢᠯᠠᠵᠤ ᠬᠠᠷᠢᠯᠠᠬᠤ ᠪᠠᠷ ᠪᠤᠯᠤᠭᠰᠠᠨ ᠢᠶᠠᠨ ᠰᠢᠪᠡᠨᠡᠬᠦ ᠶᠢᠨ ᠦᠶᠡᠰ ᠬᠠᠮᠠᠷ ᠪᠤᠷᠬᠢᠨ ᠬᠤᠶᠠᠷ ᠨᠢᠳᠤᠨ ᠠᠴᠠ ᠨᠢᠯᠪᠤᠰᠤ ᠡᠷᠭᠡ ᠪᠠᠨ ᠠᠯᠳᠠᠨ ᠠᠰᠬᠠᠷᠠᠨ᠂ ᠰᠡᠳᠬᠢᠯ ᠮᠢᠨᠢ ᠨᠢᠭᠡᠯᠡ ᠬᠤᠭᠤᠰᠤᠷᠠᠭᠠᠳ ᠶᠠᠪᠤᠴᠢᠬᠠᠭᠰᠠᠨ ᠡ᠃ ᠶᠠᠭ ᠯᠠ ᠦᠨ᠎ᠡ ᠪᠠᠨ᠎ᠠ ᠲᠠᠢ ᠡᠳ᠋ ᠡᠷᠳᠡᠨᠢ ᠪᠠᠨ ᠭᠡᠭᠡᠵᠥ ᠤᠷᠬᠢᠭᠰᠠᠨ᠂ ᠳᠤᠳᠤᠨᠤ ᠶᠢᠨ ᠰᠠᠳᠤᠨ ᠳᠦᠷᠥᠯ ᠠᠴᠠ ᠪᠠᠨ ᠨᠢᠭᠡᠮᠥᠰᠥᠨ ᠰᠠᠯᠤᠭᠰᠠᠨ ᠰᠢᠭ᠋ ᠬᠠᠴᠢᠨ ᠰᠦᠷᠡᠭᠡᠢ ᠬᠤᠭᠤᠰᠤᠷᠠᠯ ᠭᠠᠭᠴᠠᠭᠠᠷᠳᠠᠯ ᠨᠠᠳᠠ ᠢᠷᠡᠭᠰᠡᠨ᠂ ᠡᠭᠡᠴᠢ ᠮᠢᠨᠢ ᠨᠠᠮᠠᠢᠢ ᠮᠡᠳᠡᠭᠡ ᠳᠤᠮᠤᠭᠠᠨ ᠳᠤ ᠤᠷᠤᠬᠤ ᠠᠴᠠ ᠭᠠᠷ ᠠᠴᠠ ᠬᠦᠳᠥᠯᠥᠨ ᠡᠬᠦᠷᠴᠤ ᠠᠷᠭᠠᠳᠠᠨ ᠨᠢᠰᠥ ᠨᠢᠯᠪᠤᠰᠤ ᠶᠢ ᠮᠢᠨᠢ ᠠᠷᠴᠢᠵᠤ᠂ ᠬᠤᠷᠠᠭ᠎ᠠ ᠢᠰᠢᠭᠡ᠂ ᠳᠤᠭᠤᠯ ᠪᠢᠷᠠᠭᠤ ᠬᠠᠷᠢᠭᠤᠯᠤᠨ᠂ ᠡᠭᠦᠷᠴᠤ ᠶᠠᠪᠤᠭᠰᠠᠨ ᠦᠳᠡ ᠶᠢᠨ ᠬᠦᠨᠡᠰᠥ ᠪᠠᠨ ᠪᠦᠬᠦᠳᠡ ᠶᠢ ᠨᠠᠳᠠ ᠢᠳᠡᠬᠦᠯᠥᠭᠡᠳ ᠦᠪᠡᠷ ᠢᠶᠠᠨ ᠦᠯᠥᠰᠴᠤ ᠳᠦᠬᠦᠭᠡᠢ ᠬᠠᠳ᠂ ᠳᠡᠮᠡᠭᠡᠨ ᠬᠦᠬᠦ ᠪᠠᠷ ᠦᠯ ᠵᠠᠯᠭᠠᠨ ᠰᠤᠷᠭᠠᠭᠤᠯᠢ ᠶᠢᠨ ᠤᠨ ᠵᠢᠯ ᠤᠳ ᠴᠦ ᠳᠦᠷᠥᠭᠰᠡᠨ ᠡᠭᠡᠴᠢ ᠠᠴᠠ ᠦᠭᠡᠷ᠎ᠡ ᠦᠭᠡᠢ ᠨᠠᠮᠠᠢᠢ ᠬᠠᠷᠠᠭᠠᠯᠵᠠᠨ᠂ ᠡᠬᠡᠴᠢᠷᠭᠡᠵᠥ᠂ ᠬᠦᠮᠥᠨ ᠪᠤᠯᠬᠤ ᠶᠢᠨ ᠤᠴᠢᠷ ᠵᠦᠢ᠂ ᠠᠮᠢᠳᠤᠷᠠᠯ ᠤᠨ ᠳᠤᠭᠠᠯᠠᠰᠢ ᠦᠭᠡᠢ ᠤᠯᠠᠨ ᠨᠠᠷᠢᠨ ᠤᠬᠠᠭᠠᠨ ᠢ ᠰᠡᠷᠭᠦᠯᠡᠩ ᠰᠠᠮᠪᠠᠭ᠎ᠠ ᠪᠠᠷ ᠢᠶᠠᠨ ᠵᠢᠭᠠᠵᠤ ᠳᠤᠬᠢᠨ ᠳᠦᠭᠦᠭᠡ ᠳᠤᠮᠤᠭ᠎ᠠ ᠤᠷᠤᠭᠤᠯᠤᠭᠰᠠᠨ ᠠᠴᠢᠳᠡᠨ᠃ ᠡᠭᠡᠴᠢ ᠮᠠᠨᠢ ᠳᠡᠬᠦᠥ ᠦᠭᠡᠢ ᠪᠤᠯᠬᠤᠷ ᠨᠠᠮᠠᠢᠢ ᠳᠦᠷᠥᠭᠰᠡᠨ ᠳᠡᠬᠦᠥ ᠪᠠᠨ ᠭᠡᠮᠡᠨ ᠬᠠᠶᠢᠷᠠᠯᠠᠵᠤ ᠰᠠᠨᠠᠳᠠᠭ ᠪᠠᠶᠢᠭᠰᠠᠨ ᠪᠠᠶᠢᠬ᠎ᠠ᠂ ᠶᠢᠷᠳᠢᠨᠴᠤ ᠶᠢᠨ ᠦᠭᠡ ᠦᠭᠡᠢ ᠬᠠᠶᠢᠷ᠎ᠠ ᠶᠢᠨ ᠨᠢᠭᠡ ᠶᠢ ᠡᠭᠦᠷᠴᠤ ᠡᠭᠡᠴᠢ ᠮᠢᠨᠢ ᠮᠤᠷᠳᠠᠭᠠᠳ ᠶᠠᠪᠤᠴᠢᠬᠠᠭᠰᠠᠨ ᠳ᠋ᠠᠭ᠃      ᠳᠤᠰᠤᠨ ᠵᠠᠮ ᠭᠡᠷ ᠤᠨ ᠡᠬᠦᠳᠡᠨ ᠠᠴᠠ ᠳᠤᠷᠠᠶᠢᠨ ᠨᠤᠳᠤᠭ ᠤᠨ ᠬᠢᠨ ᠮᠠᠨᠢ ᠬᠤᠳᠠ ᠶᠢᠨ ᠬᠢ ᠠᠴᠠ ᠬᠤᠯᠠ ᠳᠠᠪᠠᠭᠰᠠᠨ ᠠᠭᠤᠵᠢᠮ ᠳᠤᠬᠢᠯᠢᠭ ᠤᠷᠤᠨ ᠰᠠᠭᠤᠴᠠ ᠲᠠᠢ ᠪᠤᠯᠵᠤ᠂ ᠤᠷᠤᠨ ᠳᠡᠭᠡᠷ᠎ᠡ ᠪᠠᠨ ᠭᠡᠪᠳᠡᠵᠥ ᠪᠠᠶᠢᠭᠠᠳ ᠭᠡᠨ ᠭᠡᠨ ᠤ ᠪᠠᠨ ᠳᠦᠷᠰᠥ ᠶᠢ ᠦᠵᠡᠨ ᠶᠠᠷᠢᠴᠢᠬᠠᠳᠠᠭ ᠪᠤᠯᠤᠭᠰᠠᠨ ᠰᠦᠯᠵᠢᠶᠡᠨ ᠤ ᠴᠠᠭ ᠦᠶ᠎ᠡ ᠨᠤᠳᠤᠭ ᠢ ᠮᠢᠨᠢ ᠪᠦᠷᠬᠦᠭᠰᠡᠨ ᠪᠤᠯᠪᠠᠴᠤ ᠰᠡᠳᠬᠢᠯ ᠮᠢᠨᠢ ᠨᠢᠭᠡᠯᠡ ᠬᠤᠭᠤᠰᠤᠨ᠃ ᠪᠤᠭᠤᠷᠤᠯ ᠤᠨ ᠰᠠᠬᠢᠭᠤᠰᠤ ᠲᠠᠢ ᠨᠤᠳᠤᠭ ᠤᠨ ᠨᠠᠮᠬᠠᠨ ᠪᠤᠷᠤ ᠳᠤᠯᠤᠭᠠᠢ ᠳᠡᠭᠡᠷ᠎ᠡ ᠤᠰᠤᠯ ᠪᠤᠷᠤᠭᠤ ᠪᠠᠨ ᠬᠦᠯᠢᠶᠡᠨ ᠬᠡᠶᠥᠷᠡᠵᠥ ᠰᠠᠭᠤᠬᠤ ᠮᠢᠨᠢ ᠳᠠᠩᠴᠤ ᠭᠤᠳᠤᠮᠰᠢᠭ᠃ ᠨᠤᠳᠤᠭ ᠤᠨ ᠪᠤᠭᠤᠷᠤᠯ ᠤᠨ ᠰᠤᠷᠭᠠᠯ ᠵᠠᠬᠢᠶ᠎ᠠ ᠶᠢ ᠦᠳᠡᠭᠡᠷᠬᠡᠨ ᠬᠠᠷ᠎ᠠ ᠠᠮᠢ ᠪᠠᠨ ᠪᠤᠳᠤᠨ ᠡᠳ᠋ ᠮᠦᠩᠬᠦᠨ ᠤ ᠠᠷᠤ ᠠᠴᠠ ᠵᠢᠳᠬᠦᠵᠥ᠂ ᠳᠦᠷᠪᠡᠨ ᠵᠢᠯ ᠨᠤᠳᠤᠭ ᠲᠤ ᠮᠢᠨᠢ ᠬᠦᠯᠢᠶᠡᠭᠰᠡᠨ ᠠᠩᠬᠠᠨ ᠤ ᠢᠨᠠᠭ ᠢᠶᠠᠨ ᠣᠷᠬᠢᠨ ᠵᠠᠬᠢᠷᠤᠯ ᠤᠨ ᠦᠬᠢᠨ ᠲᠠᠢ ᠰᠠᠭᠤᠵᠤ᠂ ᠬᠦᠭᠡᠬᠤᠳᠠ ᠳᠤ ᠦᠯᠡᠳᠡᠨ ᠠᠵᠢᠯ ᠤᠨ ᠬᠤᠪᠢᠶᠠᠷᠢ ᠠᠪᠤᠯ᠎ᠠ᠃ ᠮᠢᠨᠤ ᠠᠷᠤ ᠠᠴᠠ ᠯᠠ ᠮᠠᠨ ᠤ ᠬᠢᠨ ᠤ ᠵᠠᠯᠠᠭᠤᠰ ᠬᠤᠳᠠ ᠤᠷᠤᠵᠠᠭᠠᠨ᠂ ᠰᠢᠷᠬᠠᠯᠠᠭᠤᠯᠤᠭᠰᠠᠨ ᠢᠨᠠᠭ ᠠᠴᠠ ᠮᠢᠨᠢ ᠡᠬᠢᠯᠡᠨ ᠬᠤᠳᠠ ᠶᠢᠨ ᠳᠠᠩᠬᠢᠯ ᠳᠤ ᠦᠷᠳᠦᠵᠡᠢ᠃ ᠨᠠᠮᠠᠢᠢ ᠶᠠᠪᠤᠬᠤ ᠳᠤ ᠢᠳᠡᠭᠡᠯ ᠬᠠᠶᠢᠷ᠎ᠠ ᠪᠠᠨ ᠱᠠᠩᠨᠠᠵᠤ ᠠᠮᠠᠨ ᠴᠠᠭᠠᠨ ᠢᠷᠥᠭᠡᠯ ᠲᠠᠢ ᠮᠤᠷᠳᠠᠭᠤᠯᠤᠭᠰᠠᠨ ᠪᠤᠭᠤᠷᠤᠯ ᠤᠳ ᠨᠢᠭᠡᠨᠳᠡ ᠪᠤᠷᠬᠠᠨ ᠤ ᠤᠷᠤᠨ ᠳᠠᠭᠠᠨ ᠶᠠᠪᠤᠴᠢᠬᠠᠵᠤ᠂ ᠨᠠᠮᠠᠢᠢ ᠦᠳᠡᠭᠰᠡᠨ ᠢᠳᠡᠷ ᠤᠳ ᠤᠳᠤ ᠪᠤᠭᠤᠷᠤᠯ ᠪᠤᠯᠤᠨ ᠳᠦᠩᠭᠡᠶᠢᠭᠰᠡᠨ ᠰᠠᠶᠢᠬᠠᠨ ᠠᠶᠢᠯ ᠤᠳ ᠢ ᠪᠤᠭᠤᠷᠤᠯ ᠨᠠᠰᠤᠳᠠᠳ ᠰᠠᠬᠢᠨ ᠦᠯᠡᠳᠡᠵᠥ ᠶᠤᠰᠤᠳᠠᠢ ᠨᠢᠭᠡᠨ ᠪᠤᠭᠤᠷᠤᠯᠴᠤᠳ ᠤᠨ ᠬᠦᠳᠡᠭᠡ ᠪᠤᠯᠵᠠᠢ᠃      ᠭᠦᠨᠳᠡᠢ ᠶᠢᠨ ᠵᠡᠷᠭᠡᠯᠭᠡᠨ ᠳᠤᠭᠯᠠᠭᠤᠯᠤᠭᠰᠠᠨ ᠵᠢᠷᠭᠠᠯᠠᠩᠳᠤ ᠶᠢᠨ ᠰᠠᠶᠢᠬᠠᠨ ᠬᠦᠨᠳᠡᠢ᠂ ᠤᠰᠤᠨ ᠤ ᠠᠷ ᠪᠦᠵᠢᠬᠦᠯᠥᠭᠰᠡᠨ ᠪᠠᠭᠤᠳᠠᠯ ᠤᠨ ᠴᠡᠩᠭᠡᠷ ᠨᠠᠭᠤᠷ᠂ ᠡᠪᠡᠰᠥ ᠰᠢᠷᠡᠯᠵᠢ ᠶᠢᠨ ᠬᠢᠨᠢ ᠦᠨᠥᠷ ᠬᠦᠷᠳᠡᠯ᠎ᠡ ᠰᠡᠳᠬᠢᠯ ᠳᠤ ᠠᠶᠠᠳᠠᠶᠢᠬᠠᠨ ᠰᠢᠩᠭᠡᠭᠰᠡᠨ ᠴᠠᠭᠠᠨ ᠳᠠᠷᠠᠰᠤ ᠲᠠᠢ ᠴᠠᠶᠢᠳᠠᠮ᠂ ᠰᠢᠳᠠᠮ᠎ᠠ ᠬᠠᠯᠠᠭᠤᠨ ᠳᠤ ᠬᠤᠷᠠᠭ᠎ᠠ ᠢᠰᠢᠭᠡ ᠲᠠᠢ ᠪᠠᠨ ᠰᠡᠬᠦᠳᠡᠷᠯᠡᠳᠡᠭ ᠭᠡᠭᠡᠷ᠎ᠡ ᠶᠢᠨ ᠬᠤᠶᠠᠷ ᠤᠳᠠ ᠦᠩᠭᠡ ᠵᠦᠢᠷᠯᠠᠮ᠎ᠠ ᠦᠭᠡᠢ ᠬᠦᠨ ᠴᠡᠩᠭᠡᠷ ᠳᠡᠭᠷᠢ᠂ ᠬᠤᠷᠠᠭᠠᠨ ᠴᠠᠭᠠᠨ ᠡᠬᠦᠯᠡᠰ ᠨᠠᠳᠠ ᠠᠴᠠ ᠶᠠᠭᠤ ᠨᠢᠭᠡ ᠶᠢ ᠠᠰᠠᠭᠤᠵᠤ ᠪᠠᠶᠢᠮᠠᠷ᠂ ᠨᠤᠳᠤᠭ ᠤᠨ ᠮᠢᠨᠢ ᠪᠤᠭᠤᠷᠤᠯᠴᠤᠳ ᠤᠨ ᠢᠷᠥᠭᠡᠯ ᠰᠢᠩᠭᠡᠭᠰᠡᠨ ᠦᠨᠡᠨᠴᠢᠭᠡᠨ ᠬᠠᠷᠡᠴᠡ ᠴᠠᠭ ᠢᠮᠠᠭᠳᠠ ᠨᠠᠮᠠᠢᠢ ᠰᠢᠷᠳᠠᠵᠤ ᠪᠠᠶᠢᠬᠤ ᠰᠢᠭ᠋᠃ ᠮᠡᠳᠡᠭᠡ ᠤᠷᠤᠭᠰᠠᠨ ᠠᠴᠠ ᠨᠡᠭᠠᠰᠢ᠂ ᠳᠦᠴᠢᠨ ᠵᠢᠯ ᠢᠶᠠᠨ ᠡᠷᠬᠢᠨ ᠰᠠᠨᠠᠬᠤ ᠳᠤ ᠠᠮᠵᠢᠯᠳᠡ ᠮᠢᠨᠢ ᠪᠠᠭ᠎ᠠ᠂ ᠠᠯᠳᠠᠭ᠎ᠠ ᠮᠢᠨᠢ ᠶᠡᠭᠡ᠃ ᠰᠤᠷᠭᠠᠭᠤᠯᠢ ᠪᠠᠨ ᠳᠡᠭᠦᠰᠥᠭᠡᠳ ᠨᠤᠳᠤᠭ ᠡᠷᠬᠢᠨ ᠡᠯᠢᠭᠡᠨ ᠨᠤᠳᠤᠭ ᠲᠠᠭᠠᠨ ᠶᠠᠭᠤ ᠨᠢᠭᠡ ᠶᠢ ᠭᠢᠬᠦ ᠮᠢᠨᠢ ᠶᠠᠭᠠᠬᠢᠯ᠎ᠠ︖     ᠳᠦᠷᠥᠬᠦᠯᠡᠵᠥ ᠪᠢ ᠬᠦᠳᠡᠭᠡ ᠳᠡᠭᠡᠨ ᠬᠠᠷᠢᠬᠤ ᠶᠤᠰᠤᠳᠠᠢ ᠬᠦᠮᠥᠨ᠂ ᠬᠦᠷᠦᠰᠦ ᠰᠢᠷᠥᠢ ᠶᠢᠨ ᠬᠢᠨᠢ ᠦᠨᠥᠷ ᠰᠡᠳᠬᠢᠯ ᠳᠤ ᠰᠢᠩᠭᠡᠭᠰᠡᠨ ᠰᠠᠶᠢᠬᠠᠨ ᠬᠦᠳᠡᠭᠡ ᠪᠢᠳᠠᠨ ᠢ ᠬᠦᠯᠢᠶᠡᠵᠥ ᠪᠠᠶᠢᠭ᠎ᠠ᠂ ᠬᠠᠷᠢᠵᠤ ᠤᠴᠢᠭᠠᠳ ᠬᠦᠥ ᠳᠡᠭᠡᠨ ᠶᠠᠭᠤ ᠨᠢᠭᠡ ᠶᠢ ᠭᠡᠯᠡᠶ᠎ᠡ ᠭᠡᠰᠡᠨ ᠪᠤᠯᠪᠠᠴᠤ ᠬᠤᠭᠤᠯᠠᠢ ᠵᠠᠩᠬᠢᠷᠠᠪᠠ ᠁
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ