ᠡᠷᠳᠡᠨᠢ ᠰᠢᠰᠢ ᠶᠢᠨ ᠵᠠᠯᠠᠭ᠎ᠠ ᠢᠯᠵᠢᠷᠡᠬᠦ ᠡᠪᠡᠳᠴᠢᠨ ᠢ ᠢᠯᠭᠠᠨ ᠲᠠᠨᠢᠬᠤ ᠪᠠ ᠰᠡᠷᠭᠡᠶᠢᠯᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2019/5/13
      ᠡᠪᠡᠳᠴᠢᠨ ᠤ ᠢᠯᠡᠷᠡᠯ᠄ ᠡᠷᠳᠡᠨᠢ ᠰᠢᠰᠢ ᠶᠢᠨ ᠵᠠᠯᠠᠭ᠎ᠠ ᠢᠯᠵᠢᠷᠡᠬᠦ ᠡᠪᠡᠳᠴᠢᠨ ᠪᠤᠯ ᠡᠷᠳᠡᠨᠢ ᠰᠢᠰᠢ ᠶᠢᠨ ᠨᠢᠯᠬ᠎ᠠ ᠴᠢᠬᠢ ᠠᠴᠠ ᠪᠤᠯᠪᠠᠰᠤᠷᠠᠬᠤ ᠬᠤᠭᠤᠴᠠᠭᠠᠨ ᠳᠤ ᠬᠥᠷᠲᠡᠯ᠎ᠡ ᠪᠥᠷ ᠡᠭᠦᠰᠬᠦ ᠪᠤᠯᠤᠯᠴᠠᠭ᠎ᠠ ᠲᠠᠢ᠂ ᠬᠠᠮᠤᠭ ᠢᠯᠡᠷᠬᠡᠢ ᠡᠪᠡᠳᠴᠢᠨ ᠤ ᠤᠨᠴᠠᠯᠢᠭ ᠪᠤᠯ ᠡᠷᠳᠡᠨᠢ ᠰᠢᠰᠢ ᠶᠢᠨ ᠥᠷ᠎ᠡ ᠸᠠᠯᠠᠵᠤ ᠢᠯᠵᠢᠷᠡᠬᠦ᠂ ᠪᠠᠭᠤᠷᠠᠢ ᠴᠢᠬᠢ᠂ ᠡᠰᠢ ᠢᠯᠵᠢᠷᠡᠬᠦ᠂ ᠵᠠᠯᠠᠭ᠎ᠠ ᠢᠯᠵᠢᠷᠡᠬᠦ᠂ ᠡᠭᠦᠨ ᠳᠤ ᠵᠠᠯᠠᠭ᠎ᠠ ᠢᠯᠵᠢᠷᠡᠬᠦ ᠡᠪᠡᠳᠴᠢᠨ ᠤ ᠠᠵᠤ ᠠᠬᠤᠢ ᠶᠢᠨ ᠬᠤᠬᠢᠷᠠᠯ ᠬᠠᠮᠤᠭ ᠬᠥᠨᠳᠤ ᠨᠤᠴᠢᠲᠠᠢ ᠪᠠᠶᠢᠳᠠᠭ᠃ ᠡᠪᠡᠳᠴᠢᠨ ᠡᠭᠦᠰᠬᠦ ᠡᠬᠢᠨ ᠤ ᠬᠤᠭᠤᠴᠠᠭᠠᠨ ᠳᠤ ᠵᠢᠮᠢᠰ ᠤᠨ ᠲᠥᠷᠥᠭᠦᠥ᠂ ᠴᠡᠴᠡᠭ ᠤᠨ ᠲᠤᠬᠢᠭᠤᠷ ᠨᠢ  ᠬᠠᠷ᠎ᠠ ᠬᠥᠷᠡᠩ ᠥᠡᠭᠭᠡ ᠲᠠᠢ᠂ ᠤᠰᠤᠨ ᠳᠤ ᠳᠡᠪᠲᠥᠭᠳᠡᠭᠰᠡᠨ ᠬᠡᠯᠪᠡᠷᠢᠲᠠᠢ᠂ ᠲᠥᠷᠥᠭᠦᠥ ᠶᠢᠨ ᠲᠡᠩᠭᠡᠯᠢᠭ ᠤᠨ ᠤᠷᠤᠢ ᠶᠢᠨ ᠬᠡᠰᠡᠭ ᠪᠠ ᠥᠷ᠎ᠡ ᠨᠢ ᠰᠢᠷ᠎ᠠ ᠬᠦᠷᠡᠩ ᠥᠡᠭᠭᠡ᠂ ᠶᠠᠭᠠᠨ ᠥᠩᠭᠡ ᠪᠤᠶᠤ ᠬᠥᠷᠡᠩ ᠬᠠᠷ᠎ᠠ ᠥᠡᠭᠭᠡ ᠲᠠᠢ ᠪᠤᠯᠬᠤ ᠮᠥᠷᠲᠡᠭᠡᠨ ᠵᠢᠮᠢᠰ ᠤᠨ ᠲᠥᠷᠥᠭᠦᠥ ᠶᠢᠨ 1/3 ~ 1/2 ᠬᠥᠷᠲᠡᠯ᠎ᠡ ᠥᠷᠭᠡᠲᠤᠨ᠎ᠡ᠂ ᠪᠤᠷᠤᠭᠠᠨ ᠠᠷᠪᠢᠨ ᠪᠤᠶᠤ ᠴᠢᠭᠢᠭ ᠶᠡᠭᠡ ᠥᠶᠡᠰ ᠵᠢᠮᠢᠰ ᠤᠨ ᠲᠥᠷᠥᠭᠦᠥ ᠶᠢᠨ ᠪᠥᠬᠦ ᠬᠡᠰᠡᠭ ᠲᠤ ᠥᠷᠭᠡᠲᠤᠨ᠎ᠡ᠃ ᠡᠪᠡᠳᠴᠢᠨ ᠲᠠᠢ ᠥᠷ᠎ᠡ ᠶᠢᠨ ᠭᠠᠳᠠᠷᠭᠤ ᠳᠤ ᠥᠨᠡᠰᠤᠨ ᠰᠠᠭᠠᠷᠠᠯ ᠥᠡᠭᠭᠡ ᠲᠠᠢ ᠪᠤᠶᠤ ᠴᠠᠶᠢᠪᠤᠷ ᠤᠯᠠᠭᠠᠨ ᠥᠡᠭᠭᠡ ᠲᠠᠢ ᠸᠠᠯᠠᠭᠰᠠᠨ ᠳᠠᠪᠬᠤᠷᠭ᠎ᠠ ᠲᠠᠢ᠂ ᠴᠠᠭᠠᠨ ᠤᠡᠭᠭᠠᠷᠢᠯᠯᠢᠭ ᠪᠤᠶᠤ ᠨᠤᠤᠯᠤᠭᠤᠷ ᠬᠡᠯᠪᠡᠷᠢᠲᠠᠢ᠂ ᠵᠢᠮᠢᠰ ᠤᠨ ᠲᠥᠷᠥᠭᠦᠥ ᠨᠢ ᠰᠡᠪᠰᠡᠭᠡᠷ  ᠵᠥᠭᠡᠯᠡᠨ᠂ ᠲᠥᠷᠥᠭᠦᠥ ᠲᠡᠩᠭᠡᠯᠢᠭ ᠨᠢ ᠬᠥᠷᠡᠩ ᠬᠠᠷ᠎ᠠ ᠥᠡᠭᠭᠡ ᠲᠠᠢ᠃      ᠡᠪᠡᠳᠴᠢᠯᠡᠬᠦ ᠵᠢᠮ᠎ᠡ ᠶᠤᠰᠤ᠄ ᠡᠪᠡᠳᠴᠢᠨ ᠤ ᠪᠠᠺᠲ᠋ᠧᠷᠢ ᠡᠷᠳᠡᠨᠢ ᠰᠢᠰᠢ ᠶᠢᠨ ᠴᠢᠬᠢᠯᠡᠬᠦ ᠠᠴᠠ ᠥᠷ᠎ᠡ ᠬᠠᠳᠠᠭᠠᠯᠠᠬᠤ ᠬᠤᠭᠤᠴᠠᠭᠠᠨ ᠳᠤ ᠬᠥᠷᠲᠡᠯ᠎ᠡ ᠪᠥᠷ ᠬᠥᠨᠥᠭᠡᠭᠳᠡᠬᠦ ᠪᠤᠯᠤᠯᠴᠠᠭ᠎ᠠ ᠲᠠᠢ᠂ ᠭᠤᠤᠯ ᠨᠢ ᠨᠠᠮᠤᠷ ᠤᠨ ᠬᠤᠷᠢᠶᠠᠯᠲᠠ ᠶᠢᠨ ᠥᠶᠡᠰ ᠵᠢᠮᠢᠰ ᠤᠨ ᠲᠥᠷᠥᠭᠦᠥ ᠢᠯᠵᠢᠷᠡᠬᠦ ᠠᠴᠠ ᠪᠤᠯᠵᠤ ᠬᠤᠬᠢᠷᠠᠯ ᠡᠭᠦᠰᠥᠨ᠎ᠡ᠃ ᠡᠪᠡᠳᠴᠢᠨ ᠤ ᠪᠠᠺᠲ᠋ᠧᠷᠢ ᠶᠢᠨ ᠰᠢᠷᠬᠡᠭᠯᠢᠭ᠂  ᠬᠤᠪᠢᠶᠠᠭᠳᠠᠬᠤ ᠰᠫᠤᠷ ᠪᠤᠶᠤ ᠤᠭᠤᠲᠠᠲᠤ ᠰᠫᠤᠷ ᠤᠨ ᠬᠡᠯᠪᠡᠷᠢ ᠪᠠᠷ ᠡᠷᠳᠡᠨᠢ ᠰᠢᠰᠢ ᠶᠢᠨ ᠥᠷ᠎ᠡ ᠵᠢᠮᠢᠰ᠂ ᠥᠨᠳᠥᠰᠤ ᠭᠤᠤᠷᠰᠤ᠂ ᠡᠰᠢ ᠰᠥᠷᠡᠯ ᠳᠡᠭᠡᠷ᠎ᠡ ᠨᠠᠭᠠᠯᠳᠤᠵᠤ ᠡᠪᠤᠯᠵᠢᠨ᠎ᠡ᠂ ᠬᠤᠶᠢᠲᠤ ᠵᠢᠯ ᠪᠤᠷᠤᠭᠠᠨ ᠠᠷᠪᠢᠨ ᠴᠢᠭᠢᠭ ᠥᠨᠳᠥᠷ ᠨᠥᠭᠦᠴᠡᠯ ᠳᠤᠤᠷ᠎ᠠ ᠤᠭᠤᠲᠠᠲᠤ ᠰᠫᠤᠷ ᠪᠤᠯᠪᠠᠰᠤᠷᠠᠨ ᠰᠠᠷᠨᠢᠵᠤ᠂ ᠡᠷᠳᠡᠨᠢ ᠰᠢᠰᠢ ᠶᠢᠨ ᠴᠡᠴᠡᠭ ᠤᠨ ᠲᠤᠬᠢᠭᠤᠷ ᠲᠡᠭᠡᠷ᠎ᠡ ᠬᠡᠶᠢᠰᠤᠨ ᠤᠨᠠᠵᠤ ᠴᠡᠴᠡᠭ ᠤᠨ ᠲᠤᠬᠢᠭᠤᠷ ᠢ ᠲᠥᠰᠢᠭᠯᠡᠨ ᠠᠮᠢᠳᠤᠷᠠᠨ᠎ᠠ᠂ ᠳᠠᠬᠢᠨ ᠴᠡᠴᠡᠭ ᠤᠨ ᠲᠤᠬᠢᠭᠤᠷ ᠢᠶᠠᠷ ᠳᠠᠮᠵᠢᠨ ᠲᠥᠷᠥᠭᠦᠥ ᠶᠢᠨ ᠲᠡᠩᠭᠡᠯᠢᠭ ᠪᠠ ᠥᠷ᠎ᠡ ᠵᠢᠮᠢᠰ ᠲᠤ ᠬᠠᠯᠳᠠᠪᠤᠷᠢᠯᠠᠭᠳᠠᠨ᠎ᠠ᠃      ᠰᠡᠷᠭᠡᠶᠢᠯᠡᠨ ᠵᠠᠰᠠᠬᠤ ᠠᠷᠭ᠎ᠠ᠄ 1. ᠡᠪᠡᠳᠴᠢᠨ ᠢ ᠡᠰᠡᠷᠭᠦᠴᠡᠬᠦ ᠰᠠᠶᠢᠨ ᠡᠭᠦᠯᠳᠡᠷ ᠪᠠ ᠥᠡᠭᠭᠡᠯᠡᠭᠰᠡᠨ ᠥᠷ᠎ᠡ ᠶᠢ ᠰᠤᠩᠭᠤᠨ᠎ᠠ᠃ 2. ᠡᠷᠳᠡᠨᠢ ᠰᠢᠰᠢ ᠪᠤᠯᠪᠠᠰᠤᠷᠠᠭᠰᠠᠨ ᠤ ᠳᠠᠷᠠᠭ᠎ᠠ ᠪᠠᠭᠯᠠᠭᠴᠢ ᠨᠠᠪᠴᠢ ᠶᠢ ᠡᠷᠲᠡᠬᠡᠨ ᠱᠠᠭᠠᠯᠵᠤ᠂ ᠪᠤᠷᠤᠭᠠᠨ ᠳᠤ ᠨᠤᠷᠤᠭᠳᠠᠵᠤ ᠴᠢᠭᠢᠭᠳᠤᠬᠦ ᠠᠴᠠ ᠰᠡᠷᠭᠡᠶᠢᠯᠡᠨ᠎ᠡ᠃ 3. ᠡᠪᠡᠳᠴᠢᠨ ᠲᠠᠢ᠂ ᠢᠯᠵᠢᠷᠡᠭᠰᠡᠨ ᠵᠢᠮᠢᠰ ᠤᠨ ᠲᠥᠷᠥᠭᠦᠥ ᠶᠢᠨ ᠤᠷᠤᠢ ᠶᠢ ᠤᠭᠲᠤᠯᠤᠨ ᠬᠠᠶᠠᠵᠤ᠂ ᠡᠷᠳᠡᠨᠢ ᠰᠢᠰᠢ ᠶᠢᠨ ᠵᠠᠯᠠᠭ᠎ᠠ ᠢᠯᠵᠢᠷᠡᠬᠦ ᠡᠪᠡᠳᠴᠢᠨ ᠥᠷᠭᠦᠯᠵᠢᠯᠡᠨ ᠳᠡᠯᠭᠡᠷᠡᠬᠦ ᠠᠴᠠ ᠰᠡᠷᠭᠡᠶᠢᠯᠡᠨ᠎ᠡ᠃ 4. ᠡᠪᠡᠳᠴᠢᠨ ᠳᠤ ᠬᠠᠯᠳᠠᠪᠤᠷᠢᠯᠠᠭᠳᠠᠭᠰᠠᠨ ᠡᠷᠳᠡᠨᠢ ᠰᠢᠰᠢ ᠶᠢᠨ ᠥᠨᠳᠥᠰᠤ ᠭᠤᠤᠷᠰᠤ᠂ ᠡᠰᠢ ᠰᠥᠷᠡᠯ᠂ ᠲᠥᠷᠥᠭᠦᠥ ᠲᠡᠩᠭᠡᠯᠢᠭ ᠵᠡᠷᠭᠡ ᠶᠢ ᠴᠠᠭ ᠲᠤᠬᠠᠢ ᠳᠤᠨᠢ ᠨᠤᠭᠤᠭᠠᠨ ᠪᠤᠷᠳᠤᠭᠤᠷ ᠪᠤᠯᠭᠠᠬᠤ᠂ ᠰᠢᠪᠲᠤᠷᠵᠢᠭᠤᠯᠬᠤ ᠪᠤᠶᠤ ᠰᠢᠲᠠᠭᠠᠬᠤ ᠵᠡᠷᠭᠡ ᠠᠷᠭ᠎ᠠ ᠪᠠᠷ ᠪᠥᠷᠢᠮᠤᠰᠤᠨ ᠰᠢᠢᠳᠪᠤᠷᠢᠯᠡᠨ᠎ᠡ᠃ 5. ᠬᠤᠷᠢᠶᠠᠵᠤ ᠠᠪᠴᠢᠷᠠᠭᠰᠠᠨ ᠡᠷᠳᠡᠨᠢ ᠰᠢᠰᠢ ᠪᠠᠨ ᠬᠡᠳᠤ ᠵᠤᠵᠠᠭᠠᠨ ᠤᠪᠤᠭᠠᠯᠠᠵᠤ ᠪᠤᠯᠬᠤ ᠥᠭᠡᠢ᠂ ᠡᠷᠲᠡ ᠰᠢᠭ ᠱᠠᠭᠠᠯᠵᠤ᠂ ᠨᠠᠷᠠ ᠠᠷᠪᠢᠨ ᠲᠤᠰᠬᠤ ᠭᠠᠵᠠᠷ ᠨᠢᠮᠭᠡᠨ ᠤᠪᠤᠭᠠᠯᠠᠨ ᠢᠯᠡᠭᠦᠥ ᠬᠡᠳᠤᠨ ᠤᠳᠠᠭ᠎ᠠ ᠤᠷᠪᠠᠭᠤᠯᠤᠨ᠎ᠠ᠂ ᠪᠤᠷᠤᠭᠠᠨ ᠲᠠᠢ ᠥᠶᠡᠰ ᠲᠡᠷᠡ ᠳᠠᠷᠤᠢ ᠳᠤᠨᠢ ᠰᠥᠯᠢᠶᠤᠤ ᠪᠠᠷ ᠪᠥᠲᠥᠭᠡᠵᠤ ᠪᠤᠷᠤᠭᠠᠨ ᠳᠤ ᠨᠤᠷᠤᠭᠳᠠᠬᠤ ᠠᠴᠠ ᠰᠡᠷᠭᠡᠶᠢᠯᠡᠨ᠎ᠡ᠃  
ᠢᠷᠡᠯᠲᠡ᠄ ᠠᠯᠲᠠᠨ ᠬᠦᠷᠳᠦ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ