ᠡᠪᠡᠳᠴᠢᠨ ᠤ ᠢᠯᠡᠷᠡᠯ᠄ ᠡᠷᠳᠡᠨᠢ ᠰᠢᠰᠢ ᠶᠢᠨ ᠵᠠᠯᠠᠭ᠎ᠠ ᠢᠯᠵᠢᠷᠡᠬᠦ ᠡᠪᠡᠳᠴᠢᠨ ᠪᠤᠯ ᠡᠷᠳᠡᠨᠢ ᠰᠢᠰᠢ ᠶᠢᠨ | ᠨᠢᠯᠬ᠎ᠠ ᠴᠢᠬᠢ ᠠᠴᠠ ᠪᠤᠯᠪᠠᠰᠤᠷᠠᠬᠤ ᠬᠤᠭᠤᠴᠠᠭᠠᠨ ᠳᠤ ᠬᠥᠷᠲᠡᠯ᠎ᠡ ᠪᠥᠷ ᠡᠭᠦᠰᠬᠦ ᠪᠤᠯᠤᠯᠴᠠᠭ᠎ᠠ ᠲᠠᠢ᠂ ᠬᠠᠮᠤᠭ | ᠢᠯᠡᠷᠬᠡᠢ ᠡᠪᠡᠳᠴᠢᠨ ᠤ ᠤᠨᠴᠠᠯᠢᠭ ᠪᠤᠯ ᠡᠷᠳᠡᠨᠢ ᠰᠢᠰᠢ ᠶᠢᠨ ᠥᠷ᠎ᠡ ᠸᠠᠯᠠᠵᠤ ᠢᠯᠵᠢᠷᠡᠬᠦ᠂ ᠪᠠᠭᠤᠷᠠᠢ ᠴᠢᠬᠢ᠂ ᠡᠰᠢ | ᠢᠯᠵᠢᠷᠡᠬᠦ᠂ ᠵᠠᠯᠠᠭ᠎ᠠ ᠢᠯᠵᠢᠷᠡᠬᠦ᠂ ᠡᠭᠦᠨ ᠳᠤ ᠵᠠᠯᠠᠭ᠎ᠠ ᠢᠯᠵᠢᠷᠡᠬᠦ ᠡᠪᠡᠳᠴᠢᠨ ᠤ ᠠᠵᠤ ᠠᠬᠤᠢ ᠶᠢᠨ ᠬᠤᠬᠢᠷᠠᠯ | ᠬᠠᠮᠤᠭ ᠬᠥᠨᠳᠤ ᠨᠤᠴᠢᠲᠠᠢ ᠪᠠᠶᠢᠳᠠᠭ᠃ ᠡᠪᠡᠳᠴᠢᠨ ᠡᠭᠦᠰᠬᠦ ᠡᠬᠢᠨ ᠤ ᠬᠤᠭᠤᠴᠠᠭᠠᠨ ᠳᠤ ᠵᠢᠮᠢᠰ ᠤᠨ ᠲᠥᠷᠥᠭᠦᠥ᠂ | ᠴᠡᠴᠡᠭ ᠤᠨ ᠲᠤᠬᠢᠭᠤᠷ ᠨᠢ ᠬᠠᠷ᠎ᠠ ᠬᠥᠷᠡᠩ ᠥᠡᠭᠭᠡ ᠲᠠᠢ᠂ ᠤᠰᠤᠨ ᠳᠤ ᠳᠡᠪᠲᠥᠭᠳᠡᠭᠰᠡᠨ ᠬᠡᠯᠪᠡᠷᠢᠲᠠᠢ᠂ | ᠲᠥᠷᠥᠭᠦᠥ ᠶᠢᠨ ᠲᠡᠩᠭᠡᠯᠢᠭ ᠤᠨ ᠤᠷᠤᠢ ᠶᠢᠨ ᠬᠡᠰᠡᠭ ᠪᠠ ᠥᠷ᠎ᠡ ᠨᠢ ᠰᠢᠷ᠎ᠠ ᠬᠦᠷᠡᠩ ᠥᠡᠭᠭᠡ᠂ ᠶᠠᠭᠠᠨ ᠥᠩᠭᠡ | ᠪᠤᠶᠤ ᠬᠥᠷᠡᠩ ᠬᠠᠷ᠎ᠠ ᠥᠡᠭᠭᠡ ᠲᠠᠢ ᠪᠤᠯᠬᠤ ᠮᠥᠷᠲᠡᠭᠡᠨ ᠵᠢᠮᠢᠰ ᠤᠨ ᠲᠥᠷᠥᠭᠦᠥ ᠶᠢᠨ 1/3 ~ 1/2 ᠬᠥᠷᠲᠡᠯ᠎ᠡ | ᠥᠷᠭᠡᠲᠤᠨ᠎ᠡ᠂ ᠪᠤᠷᠤᠭᠠᠨ ᠠᠷᠪᠢᠨ ᠪᠤᠶᠤ ᠴᠢᠭᠢᠭ ᠶᠡᠭᠡ ᠥᠶᠡᠰ ᠵᠢᠮᠢᠰ ᠤᠨ ᠲᠥᠷᠥᠭᠦᠥ ᠶᠢᠨ ᠪᠥᠬᠦ ᠬᠡᠰᠡᠭ ᠲᠤ | ᠥᠷᠭᠡᠲᠤᠨ᠎ᠡ᠃ ᠡᠪᠡᠳᠴᠢᠨ ᠲᠠᠢ ᠥᠷ᠎ᠡ ᠶᠢᠨ ᠭᠠᠳᠠᠷᠭᠤ ᠳᠤ ᠥᠨᠡᠰᠤᠨ ᠰᠠᠭᠠᠷᠠᠯ ᠥᠡᠭᠭᠡ ᠲᠠᠢ ᠪᠤᠶᠤ ᠴᠠᠶᠢᠪᠤᠷ | ᠤᠯᠠᠭᠠᠨ ᠥᠡᠭᠭᠡ ᠲᠠᠢ ᠸᠠᠯᠠᠭᠰᠠᠨ ᠳᠠᠪᠬᠤᠷᠭ᠎ᠠ ᠲᠠᠢ᠂ ᠴᠠᠭᠠᠨ ᠤᠡᠭᠭᠠᠷᠢᠯᠯᠢᠭ ᠪᠤᠶᠤ ᠨᠤᠤᠯᠤᠭᠤᠷ ᠬᠡᠯᠪᠡᠷᠢᠲᠠᠢ᠂ | ᠵᠢᠮᠢᠰ ᠤᠨ ᠲᠥᠷᠥᠭᠦᠥ ᠨᠢ ᠰᠡᠪᠰᠡᠭᠡᠷ ᠵᠥᠭᠡᠯᠡᠨ᠂ ᠲᠥᠷᠥᠭᠦᠥ ᠲᠡᠩᠭᠡᠯᠢᠭ ᠨᠢ ᠬᠥᠷᠡᠩ ᠬᠠᠷ᠎ᠠ ᠥᠡᠭᠭᠡ ᠲᠠᠢ᠃ | ᠡᠪᠡᠳᠴᠢᠯᠡᠬᠦ ᠵᠢᠮ᠎ᠡ ᠶᠤᠰᠤ᠄ ᠡᠪᠡᠳᠴᠢᠨ ᠤ ᠪᠠᠺᠲ᠋ᠧᠷᠢ ᠡᠷᠳᠡᠨᠢ ᠰᠢᠰᠢ ᠶᠢᠨ ᠴᠢᠬᠢᠯᠡᠬᠦ ᠠᠴᠠ ᠥᠷ᠎ᠡ | ᠬᠠᠳᠠᠭᠠᠯᠠᠬᠤ ᠬᠤᠭᠤᠴᠠᠭᠠᠨ ᠳᠤ ᠬᠥᠷᠲᠡᠯ᠎ᠡ ᠪᠥᠷ ᠬᠥᠨᠥᠭᠡᠭᠳᠡᠬᠦ ᠪᠤᠯᠤᠯᠴᠠᠭ᠎ᠠ ᠲᠠᠢ᠂ ᠭᠤᠤᠯ ᠨᠢ ᠨᠠᠮᠤᠷ ᠤᠨ | ᠬᠤᠷᠢᠶᠠᠯᠲᠠ ᠶᠢᠨ ᠥᠶᠡᠰ ᠵᠢᠮᠢᠰ ᠤᠨ ᠲᠥᠷᠥᠭᠦᠥ ᠢᠯᠵᠢᠷᠡᠬᠦ ᠠᠴᠠ ᠪᠤᠯᠵᠤ ᠬᠤᠬᠢᠷᠠᠯ ᠡᠭᠦᠰᠥᠨᠡ᠃ ᠡᠪᠡᠳᠴᠢᠨ ᠤ | ᠪᠠᠺᠲ᠋ᠧᠷᠢ ᠶᠢᠨ ᠰᠢᠷᠬᠡᠭᠯᠢᠭ᠂ ᠬᠤᠪᠢᠶᠠᠭᠳᠠᠬᠤ ᠰᠫᠤᠷ ᠪᠤᠶᠤ ᠤᠭᠤᠲᠠᠲᠤ ᠰᠫᠤᠷ ᠤᠨ ᠬᠡᠯᠪᠡᠷᠢ ᠪᠠᠷ ᠡᠷᠳᠡᠨᠢ | ᠰᠢᠰᠢ ᠶᠢᠨ ᠥᠷ᠎ᠡ ᠵᠢᠮᠢᠰ᠂ ᠥᠨᠳᠥᠰᠤ ᠭᠤᠤᠷᠰᠤ᠂ ᠡᠰᠢ ᠰᠥᠷᠡᠯ ᠳᠡᠭᠡᠷ᠎ᠡ ᠨᠠᠭᠠᠯᠳᠤᠵᠤ ᠡᠪᠤᠯᠵᠢᠨ᠎ᠡ᠂ ᠬᠤᠶᠢᠲᠤ | ᠵᠢᠯ ᠪᠤᠷᠤᠭᠠᠨ ᠠᠷᠪᠢᠨ ᠴᠢᠭᠢᠭ ᠥᠨᠳᠥᠷ ᠨᠥᠭᠦᠴᠡᠯ ᠳᠤᠤᠷ᠎ᠠ ᠤᠭᠤᠲᠠᠲᠤ ᠰᠫᠤᠷ ᠪᠤᠯᠪᠠᠰᠤᠷᠠᠨ ᠰᠠᠷᠨᠢᠵᠤ᠂ ᠡᠷᠳᠡᠨᠢ | ᠰᠢᠰᠢ ᠶᠢᠨ ᠴᠡᠴᠡᠭ ᠤᠨ ᠲᠤᠬᠢᠭᠤᠷ ᠲᠡᠭᠡᠷ᠎ᠡ ᠬᠡᠶᠢᠰᠤᠨ ᠤᠨᠠᠵᠤ ᠴᠡᠴᠡᠭ ᠤᠨ ᠲᠤᠬᠢᠭᠤᠷ ᠢ ᠲᠥᠰᠢᠭᠯᠡᠨ ᠠᠮᠢᠳᠤᠷᠠᠨ᠎ᠠ | ᠂ ᠳᠠᠬᠢᠨ ᠴᠡᠴᠡᠭ ᠤᠨ ᠲᠤᠬᠢᠭᠤᠷ ᠢᠶᠠᠷ ᠳᠠᠮᠵᠢᠨ ᠲᠥᠷᠥᠭᠦᠥ ᠶᠢᠨ ᠲᠡᠩᠭᠡᠯᠢᠭ ᠪᠠ ᠥᠷ᠎ᠡ ᠵᠢᠮᠢᠰ ᠲᠤ | ᠬᠠᠯᠳᠠᠪᠤᠷᠢᠯᠠᠭᠳᠠᠨ᠎ᠠ᠃ | ᠰᠡᠷᠭᠡᠶᠢᠯᠡᠨ ᠵᠠᠰᠠᠬᠤ ᠠᠷᠭ᠎ᠠ᠄ 1. ᠡᠪᠡᠳᠴᠢᠨ ᠢ ᠡᠰᠡᠷᠭᠦᠴᠡᠬᠦ ᠰᠠᠶᠢᠨ ᠡᠭᠦᠯᠳᠡᠷ ᠪᠠ ᠥᠡᠭᠭᠡᠯᠡᠭᠰᠡᠨ | ᠥᠷ᠎ᠡ ᠶᠢ ᠰᠤᠩᠭᠤᠨ᠎ᠠ᠃ 2. ᠡᠷᠳᠡᠨᠢ ᠰᠢᠰᠢ ᠪᠤᠯᠪᠠᠰᠤᠷᠠᠭᠰᠠᠨ ᠤ ᠳᠠᠷᠠᠭ᠎ᠠ ᠪᠠᠭᠯᠠᠭᠴᠢ ᠨᠠᠪᠴᠢ ᠶᠢ ᠡᠷᠲᠡᠬᠡᠨ | ᠱᠠᠭᠠᠯᠵᠤ᠂ ᠪᠤᠷᠤᠭᠠᠨ ᠳᠤ ᠨᠤᠷᠤᠭᠳᠠᠵᠤ ᠴᠢᠭᠢᠭᠳᠤᠬᠦ ᠠᠴᠠ ᠰᠡᠷᠭᠡᠶᠢᠯᠡᠨ᠎ᠡ᠃ 3. ᠡᠪᠡᠳᠴᠢᠨ ᠲᠠᠢ᠂ ᠢᠯᠵᠢᠷᠡᠭᠰᠡᠨ | ᠵᠢᠮᠢᠰ ᠤᠨ ᠲᠥᠷᠥᠭᠦᠥ ᠶᠢᠨ ᠤᠷᠤᠢ ᠶᠢ ᠤᠭᠲᠤᠯᠤᠨ ᠬᠠᠶᠠᠵᠤ᠂ ᠡᠷᠳᠡᠨᠢ ᠰᠢᠰᠢ ᠶᠢᠨ ᠵᠠᠯᠠᠭ᠎ᠠ ᠢᠯᠵᠢᠷᠡᠬᠦ ᠡᠪᠡᠳᠴᠢᠨ | ᠥᠷᠭᠦᠯᠵᠢᠯᠡᠨ ᠳᠡᠯᠭᠡᠷᠡᠬᠦ ᠠᠴᠠ ᠰᠡᠷᠭᠡᠶᠢᠯᠡᠨ᠎ᠡ᠃ 4. ᠡᠪᠡᠳᠴᠢᠨ ᠳᠤ ᠬᠠᠯᠳᠠᠪᠤᠷᠢᠯᠠᠭᠳᠠᠭᠰᠠᠨ ᠡᠷᠳᠡᠨᠢ ᠰᠢᠰᠢ ᠶᠢᠨ | ᠥᠨᠳᠥᠰᠤ ᠭᠤᠤᠷᠰᠤ᠂ ᠡᠰᠢ ᠰᠥᠷᠡᠯ᠂ ᠲᠥᠷᠥᠭᠦᠥ ᠲᠡᠩᠭᠡᠯᠢᠭ ᠵᠡᠷᠭᠡ ᠶᠢ ᠴᠠᠭ ᠲᠤᠬᠠᠢ ᠳᠤᠨᠢ ᠨᠤᠭᠤᠭᠠᠨ | ᠪᠤᠷᠳᠤᠭᠤᠷ ᠪᠤᠯᠭᠠᠬᠤ᠂ ᠰᠢᠪᠲᠤᠷᠵᠢᠭᠤᠯᠬᠤ ᠪᠤᠶᠤ ᠰᠢᠲᠠᠭᠠᠬᠤ ᠵᠡᠷᠭᠡ ᠠᠷᠭ᠎ᠠ ᠪᠠᠷ ᠪᠥᠷᠢᠮᠤᠰᠤᠨ ᠰᠢᠢᠳᠪᠤᠷᠢᠯᠡᠨ᠎ᠡ᠃ | 5. ᠬᠤᠷᠢᠶᠠᠵᠤ ᠠᠪᠴᠢᠷᠠᠭᠰᠠᠨ ᠡᠷᠳᠡᠨᠢ ᠰᠢᠰᠢ ᠪᠠᠨ ᠬᠡᠳᠤ ᠵᠤᠵᠠᠭᠠᠨ ᠤᠪᠤᠭᠠᠯᠠᠵᠤ ᠪᠤᠯᠬᠤ ᠥᠭᠡᠢ᠂ ᠡᠷᠲᠡ ᠰᠢᠭ | ᠱᠠᠭᠠᠯᠵᠤ᠂ ᠨᠠᠷᠠ ᠠᠷᠪᠢᠨ ᠲᠤᠰᠬᠤ ᠭᠠᠵᠠᠷ ᠨᠢᠮᠭᠡᠨ ᠤᠪᠤᠭᠠᠯᠠᠨ ᠢᠯᠡᠭᠦᠥ ᠬᠡᠳᠤᠨ ᠤᠳᠠᠭ᠎ᠠ ᠤᠷᠪᠠᠭᠤᠯᠤᠨ᠎ᠠ᠂ | ᠪᠤᠷᠤᠭᠠᠨ ᠲᠠᠢ ᠥᠶᠡᠰ ᠲᠡᠷᠡ ᠳᠠᠷᠤᠢ ᠳᠤᠨᠢ ᠰᠥᠯᠢᠶᠤᠤ ᠪᠠᠷ ᠪᠥᠲᠥᠭᠡᠵᠤ ᠪᠤᠷᠤᠭᠠᠨ ᠳᠤ ᠨᠤᠷᠤᠭᠳᠠᠬᠤ ᠠᠴᠠ | ᠰᠡᠷᠭᠡᠶᠢᠯᠡᠨ᠎ᠡ᠃ |