ᠮᠣᠩᠭᠤᠯ ᠰᠣᠳᠣᠷ ᠪᠢᠴᠢᠭ ᠢ ᠬᠡᠷᠬᠢᠨ ᠠᠮᠢᠯᠠᠭᠤᠯᠬᠤ ᠪᠣᠢ
ᠨᠡᠶᠢᠲᠡᠯᠡᠭᠰᠡᠨ ᠴᠠᠭ᠄
2019/5/10
      4 ᠰᠠᠷ᠎ᠠ ᠶᠢᠨ 3 ᠤ ᠡᠲᠦᠷ᠂ ᠦᠪᠦᠷ ᠮᠤᠩᠭᠤᠯ ᠤᠨ ᠦᠨᠲᠦᠰᠦᠳᠡᠨ ᠤ ᠭᠡᠷᠡᠭ ᠡᠷᠬᠢᠯᠡᠬᠦ ᠵᠦᠪᠯᠡᠯ ᠤᠨ ᠰᠤᠲᠤᠷ ᠪᠢᠴᠢᠭ ᠪᠤᠯᠤᠨ ᠭᠡᠰᠡᠷ ᠰᠤᠲᠤᠯᠬᠤ ᠭᠠᠵᠠᠷ ᠤᠨ ᠬᠢᠨ᠂ ᠦᠪᠦᠷ ᠮᠤᠩᠭᠤᠯ ᠤᠨ ᠨᠤᠮ ᠤᠨ ᠰᠠᠩ᠂ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ᠂ ᠦᠪᠦᠷ ᠮᠤᠩᠭᠤᠯ ᠤᠨ ᠭᠡᠰᠡᠭ ᠶᠡᠭᠡ ᠲᠡᠭᠡᠲᠦ ᠰᠤᠷᠭᠠᠭᠤᠯᠢ ᠶᠢᠨ ᠨᠤᠮ ᠤᠨ ᠰᠠᠩ ᠤᠨ ᠬᠠᠷᠢᠭᠤᠴᠠᠯᠭᠠᠲᠠᠳ ᠢ ᠤᠷᠢᠵᠦ᠂ ᠡᠨᠡ ᠵᠢᠯ ᠤᠨ 7 ᠰᠠᠷ᠎ᠠ ᠳᠤ ᠶᠠᠪᠤᠭᠲᠠᠬᠤ ᠪᠠᠷ ᠪᠠᠶᠢᠭ᠎ᠠ ︽ᠪᠦᠬᠦ ᠤᠯᠤᠰ ᠤᠨ ᠴᠦᠭᠡᠨ ᠲᠤᠭᠠᠲᠦ ᠦᠨᠲᠦᠰᠦᠳᠡᠨ ᠤ ᠰᠤᠩᠭᠤᠲᠠᠭ ᠰᠤᠲᠤᠷ ᠪᠢᠴᠢᠭ ᠵᠢᠴᠢ ᠬᠠᠮᠠᠭᠠᠯᠠᠯᠲᠠ ᠶᠢᠨ ᠪᠦᠲᠦᠭᠡᠯ ᠤᠨ ᠦᠪᠦᠷ ᠮᠤᠩᠭᠤᠯ ᠳᠠᠬᠢ ᠦᠵᠡᠬᠦᠯᠬᠡ︾ ᠶᠢᠨ ᠢᠶᠠᠨ ᠬᠦᠲᠦᠯᠪᠦᠷᠢ ᠶᠢᠨ ᠭᠠᠷᠴᠠᠭ ᠤᠨ ᠲᠤᠬᠠᠢ ᠵᠦᠪᠳᠡᠯᠴᠡᠭᠰᠡᠨ ᠪᠠᠶᠢᠨ᠎ᠠ᠃ ︽ᠰᠤᠲᠤᠷ ᠪᠢᠴᠢᠭ ᠤᠨ ᠲᠤᠭᠠᠴᠢᠯᠠᠭᠤᠯᠤᠯᠲᠠ ᠶᠢᠨ ᠦᠷ᠎ᠡ ᠪᠦᠲᠦᠭᠡᠯ ᠢ ᠵᠠᠪᠠᠯ ᠴᠢᠬᠤᠯᠠ ᠠᠭᠤᠯᠭ᠎ᠠ ᠶᠢᠨ ᠬᠤᠪᠢ ᠪᠠᠷ ᠦᠵᠡᠬᠦᠯᠬᠡ ᠳᠤ ᠢᠯᠡᠷᠡᠬᠦᠯᠪᠡᠯ ᠵᠤᠬᠢᠨ᠎ᠠ︾᠂ ︽ᠰᠤᠲᠤᠷ ᠪᠢᠴᠢᠭ ᠢ ᠠᠪᠤᠷᠠᠵᠦ ᠬᠠᠮᠠᠭᠠᠯᠠᠬᠤ ᠮᠦᠷᠳᠡᠭᠡᠨ ᠲᠡᠬᠦᠨ ᠢ ᠠᠮᠢᠯᠠᠭᠤᠯᠬᠤ ᠭᠡᠷᠡᠭᠳᠡᠢ᠂ ᠡᠶᠢᠮᠦ ᠠᠴᠠ ᠦᠵᠡᠬᠦᠯᠬᠡ ᠶᠢᠨ ᠭᠤᠤᠯᠲᠠᠯᠭ᠎ᠠ ᠪᠠᠨ ᠠᠮᠢᠯᠠᠭᠤᠯᠬᠤ ᠲᠡᠭᠡᠷ᠎ᠡ ᠲᠠᠯᠪᠢᠪᠠᠯ ᠵᠤᠬᠢᠨ᠎ᠠ︾ ᠭᠡᠵᠦ ᠬᠤᠷᠠᠯ ᠳᠤ ᠤᠷᠤᠯᠴᠠᠬᠰᠠᠨ ᠬᠦᠮᠦᠰ ᠦᠪᠡᠷ ᠦᠪᠡᠷ ᠤᠨ ᠦᠵᠡᠯᠳᠡ ᠲᠠᠨᠢᠯᠲᠠ ᠪᠠᠨ ᠶᠠᠷᠢᠵᠦ ᠭᠠᠷᠤᠯ᠎ᠠ᠃      ᠮᠦᠽᠸᠢ ᠳᠤ ᠭᠡᠪᠳᠡᠭᠡ ᠪᠤᠭᠤᠲᠠᠯ ᠲᠠᠢ ᠰᠤᠲᠤᠷ᠂ ᠨᠤᠮ ᠤᠨ ᠰᠠᠩ ᠳᠤ ᠬᠠᠲᠠᠭᠠᠯᠠᠭᠠᠰᠤᠲᠠᠢ ᠲᠡᠦᠭᠡᠨ ᠪᠢᠴᠢᠭ ᠢ ᠭᠡᠷᠬᠢᠨ ᠤᠲᠤ ᠴᠠᠭ ᠤᠨ ᠬᠦᠭᠵᠢᠯᠳᠡ ᠳᠤ ᠵᠤᠬᠢᠴᠠᠭᠤᠯᠤᠨ᠂ ᠤᠡᠭᠰᠢᠬᠴᠢ ᠤᠯᠠᠨ ᠤ ᠱᠠᠭᠠᠷᠲᠠᠯᠭ᠎ᠠ ᠳᠤ ᠲᠤᠬᠢᠷᠠᠭᠤᠯᠤᠨ᠂ ᠨᠡᠩ ᠤᠯᠠᠨ ᠬᠦᠮᠦᠰ ᠲᠤ ᠠᠰᠢᠬᠯᠠᠭᠤᠯᠬᠤ ᠪᠤᠢ︖ ᠮᠠᠨ ᠤ ᠤᠷᠤᠨ ᠲᠡᠭᠡᠷ᠎ᠡ ᠵᠠᠭᠤᠨ ᠤ ᠲᠠᠪᠢᠭᠠᠳ ᠤᠨ ᠠᠴᠠ ᠮᠤᠩᠭᠤᠯ ᠰᠤᠲᠤᠷ ᠪᠢᠴᠢᠭ ᠢ ᠠᠪᠤᠷᠠᠵᠦ ᠬᠠᠮᠠᠭᠠᠯᠠᠬᠤ ᠠᠵᠢᠯ ᠢᠶᠠᠨ ᠡᠬᠢᠯᠡᠬᠦᠯᠦᠨ᠂ ᠤᠯᠤᠰ ᠤᠨ ᠲᠤᠲᠤᠭᠠᠲᠦ ᠭᠠᠲᠠᠭᠠᠲᠦ ᠳᠤ ᠬᠠᠲᠠᠭᠠᠯᠠᠭᠲᠠᠭ᠎ᠠ ᠰᠤᠲᠤᠷ ᠪᠢᠴᠢᠭ ᠢ ᠲᠠᠰᠤᠷᠠᠯᠲᠠ ᠦᠬᠡᠢ ᠢᠯᠡᠷᠡᠬᠦᠯᠦᠨ᠂ ᠲᠠᠰᠤᠷᠠᠯᠲᠠ ᠦᠬᠡᠢ ᠡᠮᠬᠢᠳᠭᠡᠨ ᠨᠠᠶᠢᠷᠠᠭᠤᠯᠵᠦ ᠬᠡᠪᠯᠡᠬᠦᠯᠵᠦ ᠢᠷᠡᠭᠰᠡᠨ ᠪᠦᠬᠡᠳ ᠰᠢᠨ᠎ᠡ ᠵᠠᠭᠤᠨ ᠤ ᠦᠨᠦᠲᠦᠷ᠂ ᠰᠢᠨ᠎ᠡ ᠮᠡᠷᠭᠡᠵᠢᠯ ᠢ ᠠᠰᠢᠬᠯᠠᠨ ᠲᠤᠭᠠᠴᠢᠯᠠᠭᠤᠯᠵᠦ᠂ ᠳ᠋ᠡᠶᠢᠲ᠋ᠠ ᠬᠦᠮᠦᠷᠭᠡ ᠪᠠᠶᠢᠭᠤᠯᠤᠨ᠂ ᠰᠤᠲᠤᠷ ᠪᠢᠴᠢᠭ ᠢᠶᠠᠨ ᠵᠢᠩᠬᠢᠨᠢ ᠪᠠᠷ ︽ᠠᠮᠢᠯᠠᠭᠤᠯᠵᠦ︾ ᠢᠷᠡᠭᠰᠡᠨ ᠪᠢᠯᠡ ᠁ᠰᠤᠲᠤᠷ ᠪᠢᠴᠢᠭ ᠤᠨ ᠤᠡᠭᠰᠢᠬᠴᠢᠳ ᠨᠡᠮᠡᠭᠳᠡᠯ᠎ᠡ      ᠰᠤᠲᠤᠷ ᠪᠢᠴᠢᠭ ᠲᠡᠭᠡᠷ᠎ᠡ ᠲᠡᠮᠳᠡᠭᠯᠡᠭᠳᠡᠭᠰᠡᠨ ᠰᠤᠷᠠᠭ ᠵᠠᠩᠬᠢ ᠶᠢ ᠤᠡᠭᠰᠢᠬᠤ ᠪᠠ ᠰᠤᠲᠤᠯᠬᠤ ᠪᠠᠷ ᠲᠠᠮᠵᠢᠨ ᠰᠤᠲᠤᠷ ᠪᠢᠴᠢᠭ ᠤᠨ ᠵᠢᠩᠬᠢᠨᠢ ᠦᠨ᠎ᠡ ᠴᠡᠨ᠎ᠡ ᠨᠢ ᠢᠯᠡᠷᠡᠳᠡᠭ ᠶᠤᠮ᠃ ᠡᠳᠡᠭᠡᠷ ᠰᠤᠲᠤᠷ ᠪᠢᠴᠢᠭ ᠢ ᠨᠤᠮ ᠤᠨ ᠰᠠᠩ ᠳᠤ ᠬᠦᠮᠦᠷᠬᠡᠯᠡᠵᠦ᠂ ᠮᠦᠽᠸᠢ ᠶᠢᠨ ᠰᠢᠯ ᠯᠠᠩᠬᠦᠢ ᠳᠤ ᠬᠠᠲᠠᠭᠠᠯᠠᠭᠠᠳ ᠤᠡᠭᠰᠢᠬᠴᠢ ᠤᠯᠠᠨ ᠳᠤ ᠠᠰᠢᠬᠯᠠᠭᠤᠯᠬᠤ ᠦᠬᠡᠢ ᠪᠤᠯ᠂ ᠪᠢᠴᠢᠵᠦ ᠦᠯᠡᠳᠡᠭᠡᠭᠰᠡᠨ ᠡᠪᠦᠭᠡ ᠲᠡᠭᠡᠲᠦᠰ ᠤᠨ ᠮᠠᠨᠢ ᠤᠭ ᠰᠠᠨᠠᠭ᠎ᠠ ᠪᠠ ᠰᠤᠲᠤᠷ ᠪᠢᠴᠢᠭ ᠤᠨ ᠵᠢᠩᠬᠢᠨᠢ ᠦᠨ᠎ᠡ ᠴᠡᠨ᠎ᠡ ᠶᠢ ᠪᠦᠷᠢᠨ ᠢᠯᠡᠷᠡᠬᠦᠯᠵᠦ ᠲᠡᠶᠢᠯᠬᠦ ᠦᠬᠡᠢ ᠪᠤᠯᠤᠨ᠎ᠠ᠃      ︽ᠰᠤᠲᠤᠷ ᠪᠢᠴᠢᠭ ᠢ ᠡᠮᠬᠢᠳᠭᠡᠵᠦ ᠨᠠᠶᠢᠷᠠᠭᠤᠯᠬᠤ ᠳᠤ ᠤᠡᠭᠰᠢᠬᠴᠢᠳ ᠤᠨ ᠰᠠᠨᠠᠯ ᠱᠠᠭᠠᠷᠲᠠᠯᠭ᠎ᠠ ᠶᠢ ᠵᠠᠪᠠᠯ ᠦᠨᠲᠦᠰᠦᠯᠡᠬᠦ ᠭᠡᠷᠡᠭᠳᠡᠢ᠃ ᠮᠠᠨ ᠤ ᠬᠡᠪᠯᠡᠯ ᠤᠨ ᠬᠤᠷᠢᠶᠠᠨ ᠤ ᠬᠢᠨ ᠬᠡᠪᠯᠡᠬᠦᠯᠵᠦ ᠦᠡᠭᠭᠡᠷᠡᠭᠰᠡᠨ ᠬᠠᠭᠤᠴᠢᠨ ᠰᠤᠲᠤᠷ ᠪᠢᠴᠢᠭ ᠢᠶᠠᠨ ᠪᠠᠶᠢᠴᠠᠭᠠᠵᠦ ᠰᠢᠨᠵᠢᠯᠡᠭᠰᠡᠨ ᠰᠠᠭᠤᠷᠢᠨ ᠲᠡᠭᠡᠷ᠎ᠡ᠂ ᠬᠦᠳᠡᠭᠡ ᠪᠠᠭᠤᠵᠦ ᠤᠡᠭᠰᠢᠬᠴᠢᠳ ᠤᠨ ᠰᠠᠨᠠᠯ ᠱᠠᠭᠠᠷᠲᠠᠯᠭ᠎ᠠ ᠶᠢ ᠬᠤᠷᠢᠶᠠᠵᠦ᠂ 2019 ᠤᠨ ᠤ ᠨᠠᠶᠢᠷᠠᠭᠤᠯᠬᠤ ᠲᠦᠯᠦᠪᠯᠡᠭᠡ ᠪᠠᠨ ᠲᠤᠭᠲᠠᠭᠠᠭᠰᠠᠨ ᠶᠤᠮ᠃ ᠡᠨᠡ ᠵᠢᠯ ᠬᠠᠮᠤᠭ ᠤᠨ ᠲᠦᠷᠦᠬᠦᠨ ᠳᠤ ᠪᠡᠭᠡᠵᠢᠩ ᠳᠠᠬᠢ ᠤᠯᠤᠰ ᠤᠨ ᠨᠤᠮ ᠤᠨ ᠰᠠᠩ ᠳᠤ ᠬᠠᠲᠠᠭᠠᠯᠠᠬᠲᠠᠵᠦ ᠪᠠᠶᠢᠭ᠎ᠠ 1000 ᠭᠠᠷᠤᠢ ᠲᠦᠷᠦᠯ ᠤᠨ ᠮᠤᠩᠭᠤᠯ ᠰᠤᠲᠤᠷ ᠪᠢᠴᠢᠭ ᠤᠨ ᠲᠤᠲᠤᠷ᠎ᠠ ᠠᠴᠠ 50 ᠭᠠᠷᠤᠢ ᠶᠢ ᠨᠢ ᠰᠤᠩᠭᠤᠵᠦ ᠬᠡᠪᠯᠡᠬᠦᠯᠬᠦ ᠪᠠᠷ ᠪᠤᠢ︾ ᠭᠡᠵᠦ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠮᠤᠩᠭᠤᠯ ᠰᠤᠲᠤᠯᠤᠯ ᠤᠨ ᠨᠤᠮ ᠪᠢᠴᠢᠭ ᠨᠠᠶᠢᠷᠠᠭᠤᠯᠬᠤ ᠲᠦᠪ ᠤᠨ ᠡᠷᠬᠢᠯᠡᠭᠴᠢ ᠨᠠᠷᠠᠰᠦ ᠶᠠᠷᠢᠨ᠎ᠠ᠃      ᠨᠢᠲᠤᠨᠤᠨ ᠤ 11 ᠰᠠᠷ᠎ᠠ ᠳᠤ᠂ ᠠᠷᠠᠳ ᠤᠨ ᠬᠡᠪᠯᠡᠯ ᠤᠨ ᠬᠤᠷᠢᠶᠠᠨ ᠠᠴᠠ ᠬᠡᠪᠯᠡᠬᠦᠯᠦᠭᠰᠡᠨ ︽ᠮᠤᠩᠭᠤᠯ ᠲᠤᠯᠭᠤᠷ ᠪᠢᠴᠢᠭ ᠤᠨ ᠤᠲᠤ ᠦᠶ᠎ᠡ ᠶᠢᠨ ᠰᠤᠩᠭᠤᠲᠠᠭ ᠭᠠᠷ ᠪᠢᠴᠢᠮᠡᠯ︾ ᠤᠡᠭᠰᠢᠬᠴᠢ ᠤᠯᠠᠨ ᠤ ᠬᠦᠷᠢᠶᠡᠯᠡᠯ ᠢ ᠤᠯᠵᠦ ᠦᠪᠦᠷ ᠮᠤᠩᠭᠤᠯ ᠲᠠᠶᠠᠭᠠᠷ ᠤᠨ ᠠᠩᠬᠠᠷᠤᠯ ᠳᠤ ᠬᠦᠷᠦᠭᠰᠡᠨ ᠪᠢᠯᠡ᠃ ︽ᠲᠤᠰ ᠭᠠᠷ ᠪᠢᠴᠢᠮᠡᠯ ᠳᠡᠭᠡᠨ ᠪᠢᠳᠡ 66 ᠪᠤᠲᠢ ᠬᠠᠭᠤᠴᠢᠨ ᠲᠤᠯᠭᠤᠷ ᠪᠢᠴᠢᠭ ᠢ ᠰᠤᠩᠭᠤᠵᠦ᠂ 113 ᠤᠷᠠᠨ ᠪᠢᠴᠢᠯᠭᠡᠳᠡᠨ ᠢ ᠵᠤᠬᠢᠶᠠᠨ ᠪᠠᠶᠢᠭᠤᠯᠵᠦ᠂ ᠦᠰᠦᠨ ᠪᠢᠷ ᠤᠨ ᠬᠢᠴᠢᠶᠡᠩᠬᠦᠢ ᠲᠢᠭ ᠢᠶᠠᠷ ᠬᠠᠭᠤᠯᠤᠭᠤᠯᠤᠬᠰᠠᠨ ᠶᠤᠮ᠃ ᠡᠬᠦᠨ ᠳᠤ ᠤᠯᠤᠰ ᠤᠨ ᠲᠤᠲᠤᠭᠠᠲᠦ ᠳᠤ ᠬᠠᠲᠠᠭᠠᠯᠠᠬᠲᠠᠵᠦ ᠪᠠᠶᠢᠭ᠎ᠠ ︿ᠮᠤᠩᠭᠤᠯ ᠤᠨ ᠨᠢᠭᠤᠴᠠ ᠲᠤᠪᠴᠢᠶᠠᠨ﹀᠂ ︿ᠠᠯᠲᠠᠨ ᠲᠤᠪᠴᠢ﹀᠂ ︿ᠡᠷᠳᠡᠨᠢ ᠶᠢᠨ ᠲᠤᠪᠴᠢ﹀᠂ ︿ᠪᠤᠯᠤᠷ ᠡᠷᠢᠬᠡ﹀᠂ ︿ᠪᠤᠯᠤᠷ ᠲᠤᠯᠢ﹀᠂ ︿ᠭᠠᠨᠭ᠍ᠭ᠎ᠠ ᠶᠢᠨ ᠤᠷᠤᠰᠬᠠᠯ﹀ ᠵᠡᠷᠭᠡ ᠴᠢᠬᠤᠯᠠ ᠴᠢᠬᠤᠯᠠ ᠰᠤᠷᠪᠤᠯᠵᠢ ᠪᠢᠴᠢᠭ ᠪᠦᠷ ᠪᠠᠭᠲᠠᠭᠰᠠᠨ︾ ᠭᠡᠵᠦ ᠨᠠᠷᠠᠰᠦ ᠲᠠᠨᠢᠯᠴᠠᠭᠤᠯᠤᠨ᠎ᠠ᠃      800 ᠭᠠᠷᠤᠢ ᠵᠢᠯ ᠤᠨ ᠲᠤᠷᠰᠢ ᠮᠤᠩᠭᠤᠯ ᠦᠰᠦᠭ ᠢᠶᠠᠷ ᠲᠡᠮᠳᠡᠭᠯᠡᠭᠳᠡᠨ ᠬᠠᠲᠠᠭᠠᠯᠠᠬᠲᠠᠵᠦ ᠢᠷᠡᠭᠰᠡᠨ ᠰᠤᠩᠭᠤᠲᠠᠭ ᠰᠤᠲᠤᠷ ᠪᠢᠴᠢᠭ ᠨᠢ ᠡᠶᠢᠨ ᠬᠦ ᠬᠡᠪᠯᠡᠯ ᠤᠨ ᠬᠦᠮᠦᠰ ᠤᠨ ᠰᠢᠨ᠎ᠡ ᠶᠢ ᠡᠬᠦᠳᠬᠦ ᠰᠡᠳᠬᠢᠬᠦᠢ᠂ ᠨᠦᠷᠢ ᠶᠡᠭᠡ ᠬᠦᠳᠡᠯᠮᠦᠷᠢ ᠪᠠᠷ ᠲᠠᠮᠵᠢᠭᠠᠳ᠂ ᠤᠡᠭᠰᠢᠬᠴᠢᠳ ᠤᠨ ᠠᠯᠠᠭᠠᠨ ᠳᠤ ᠦᠬᠡᠷ᠎ᠡ ᠨᠢᠬᠡᠨ ᠬᠡᠯᠪᠡᠷᠢ ᠪᠠᠷ ᠲᠡᠯᠭᠡᠭᠳᠡᠭᠰᠡᠨ ᠪᠢᠯᠡ᠃      ︽ᠮᠠᠨ ᠤ ᠡᠮᠬᠢᠳᠭᠡᠨ ᠨᠠᠶᠢᠷᠠᠭᠤᠯᠵᠦ ᠬᠡᠪᠯᠡᠬᠦᠯᠦᠭᠰᠡᠨ ᠮᠤᠩᠭᠤᠯ ᠰᠤᠲᠤᠷ ᠪᠢᠴᠢᠭ ᠢᠶᠠᠷ ᠵᠢᠱᠢᠶᠡᠯᠡᠪᠡᠯ᠂ 1500 ᠲᠡᠪᠳᠡᠷ ᠬᠡᠪᠯᠡᠬᠦᠯᠪᠡᠯ 2 ᠵᠢᠯ ᠤᠨ ᠲᠤᠲᠤᠷ᠎ᠠ ᠪᠦᠬᠦᠨ ᠢ ᠬᠤᠲᠠᠯᠲᠤᠭᠠᠳ ᠭᠠᠷᠭᠠᠴᠢᠬᠠᠲᠠᠭ᠃ ᠶᠠᠭ ᠡᠨᠡ ᠪᠠᠶᠢᠲᠠᠯ ᠠᠴᠠ ᠠᠪᠴᠦ ᠬᠡᠯᠡᠪᠡᠯ᠂ ᠮᠤᠩᠭᠤᠯ ᠰᠤᠲᠤᠷ ᠪᠢᠴᠢᠭ ᠤᠨ ᠤᠡᠭᠰᠢᠭᠴᠢᠳ ᠡᠮᠦᠨ᠎ᠡ ᠬᠡᠲᠦᠨ ᠵᠢᠯ ᠠᠴᠠ ᠨᠡᠮᠡᠭᠳᠡᠭᠰᠡᠨ ᠪᠠᠶᠢᠨ᠎ᠠ᠃ ᠤᠡᠭᠰᠢᠬᠴᠢᠳ ᠤᠨ ᠡᠩᠨᠡᠭᠡᠨ ᠠᠴᠠ ᠠᠪᠴᠦ ᠦᠵᠡᠪᠡᠯ᠂ ᠠᠬᠠᠮᠠᠳ ᠨᠠᠰᠦᠨ ᠤ ᠤᠡᠭᠰᠢᠬᠴᠢᠳ ᠤᠨ ᠡᠩᠨᠡᠭᠡ ᠨᠢᠬᠡᠨᠳᠡ ᠲᠤᠭᠲᠠᠪᠦᠷᠢᠵᠢᠵᠦ᠂ ᠰᠢᠨ᠎ᠡ ᠪᠠᠷ ᠨᠡᠮᠡᠭᠳᠡᠭᠰᠡᠨ ᠤᠡᠭᠰᠢᠬᠴᠢᠳ ᠲᠤ ᠵᠠᠯᠠᠭᠤᠴᠤᠳ ᠪᠠᠭᠠᠴᠤᠳ ᠪᠠᠭᠲᠠᠵᠦ ᠪᠠᠶᠢᠭ᠎ᠠ ᠠᠴᠠ ᠭᠠᠲᠠᠨ᠎ᠠ ᠪᠠᠰᠠ ᠵᠠᠯᠠᠭᠤ ᠡᠴᠢᠬᠡ ᠡᠬᠡᠴᠤᠦᠯ ᠪᠠᠭᠲᠠᠵᠦ ᠪᠠᠶᠢᠨ᠎ᠠ︾ ᠭᠡᠵᠦ ᠨᠠᠷᠠᠰᠦ ᠤᠡᠭᠰᠢᠬᠴᠢᠳ ᠤᠨ ᠪᠦᠷᠢᠯᠲᠦᠴᠡ ᠶᠢᠨ ᠲᠤᠬᠠᠢ ᠰᠤᠷᠪᠤᠯᠵᠢᠯᠠᠬᠴᠢ ᠳᠤ ᠲᠠᠨᠢᠯᠴᠠᠭᠤᠯᠤᠨ᠎ᠠ᠃      ᠴᠦᠬᠡᠨ ᠲᠤᠭᠠᠲᠦ ᠦᠨᠲᠦᠰᠦᠳᠡᠨ ᠤ ᠤᠷᠤᠨ ᠳᠤ ᠬᠠᠮᠤᠭ ᠤᠨ ᠡᠷᠳᠡ ᠪᠠᠶᠢᠭᠤᠯᠤᠬᠲᠠᠬᠰᠠᠨ ᠶᠡᠷᠦᠩᠭᠡᠶᠢᠯᠡᠭᠰᠡᠨ ᠴᠢᠨᠠᠷ ᠲᠠᠢ ᠬᠡᠪᠯᠡᠯ ᠤᠨ ᠬᠤᠷᠢᠶ᠎ᠠ ᠪᠤᠯᠤᠬᠰᠠᠨ ᠤ ᠬᠤᠪᠢ ᠳᠤ᠂ ᠠᠷᠠᠳ ᠤᠨ ᠬᠡᠪᠯᠡᠯ ᠤᠨ ᠬᠤᠷᠢᠶ᠎ᠠ ᠨᠢ ᠤᠬᠠᠭᠠᠯᠠᠵᠦ ᠰᠡᠲᠦᠬᠦ᠂ ᠨᠠᠶᠢᠷᠠᠭᠤᠯᠵᠦ ᠬᠡᠪᠯᠡᠬᠦ ᠶᠠᠪᠤᠴᠠ ᠳᠠᠭᠠᠨ ᠪᠦᠷ ᠤᠡᠭᠰᠢᠬᠴᠢᠳ ᠤᠨ ᠰᠠᠨᠠᠯ ᠱᠠᠭᠠᠷᠲᠠᠯᠭ᠎ᠠ ᠶᠢ ᠬᠠᠮᠤᠭ ᠤᠨ ᠲᠦᠷᠦᠬᠦᠨ ᠳᠤ ᠲᠠᠯᠪᠢᠵᠦ᠂ ᠴᠢᠬᠤᠯᠠᠴᠢᠯᠠᠨ ᠦᠵᠡᠭᠰᠡᠭᠡᠷ ᠢᠷᠡᠭᠰᠡᠨ ᠪᠢᠯᠡ᠃ ᠤᠢᠢᠷ᠎ᠠ ᠶᠢᠨ ᠵᠢᠯ ᠳᠤ ᠲᠤᠰ ᠬᠡᠪᠯᠡᠯ ᠤᠨ ᠬᠤᠷᠢᠶ ᠎ᠠ ᠨᠢ ᠵᠠᠯᠠᠭᠤᠴᠤᠳ ᠪᠠᠭᠠᠴᠤᠳ ᠤᠨ ᠰᠤᠨᠢᠷᠬᠠᠯ ᠳᠤ ᠵᠤᠬᠢᠴᠠᠭᠤᠯᠤᠨ ᠰᠤᠲᠤᠷ ᠪᠢᠴᠢᠭ ᠢ ᠬᠢᠯᠪᠠᠷᠴᠢᠯᠠᠬᠰᠠᠨ ᠤᠷᠠᠨ ᠵᠤᠬᠢᠶᠠᠯ᠂ ᠬᠢᠯᠪᠠᠷᠴᠢᠯᠠᠬᠰᠠᠨ ᠲᠡᠦᠭᠡ ᠪᠤᠯᠭᠠᠨ ᠨᠠᠶᠢᠷᠠᠭᠤᠯᠤᠨ ᠬᠡᠪᠯᠡᠬᠦᠯᠦᠭᠰᠡᠨ ᠠᠴᠠ᠂ ︽ᠮᠤᠩᠭᠤᠯ ᠤᠨ ᠨᠢᠭᠤᠴᠠ ᠲᠤᠪᠴᠢᠶᠠᠨ︾᠂ ︽ᠭᠡᠰᠡᠷ︾᠂ ︽ᠵᠠᠩᠭᠠᠷ︾᠂ ︽ᠪᠤᠯᠤᠷ ᠲᠤᠯᠢ︾ ᠮᠡᠲᠦ ᠶᠢᠨ ᠬᠢᠯᠪᠠᠷᠴᠢᠯᠠᠬᠰᠠᠨ ᠬᠡᠪᠯᠡᠭᠳᠡᠬᠦᠨ ᠨᠢ ᠵᠠᠯᠠᠭᠤᠴᠤᠳ ᠪᠠᠭᠠᠴᠤᠳ ᠤᠨ ᠬᠦᠷᠢᠶᠡᠯᠡᠯ ᠢ ᠤᠯᠤᠬᠰᠠᠨ ᠪᠢᠯᠡ᠃      ︽ᠡᠷᠳᠡᠨ ᠤ ᠰᠤᠲᠤᠷ ᠪᠢᠴᠢᠭ ᠢ ᠤᠡᠭᠰᠢᠬᠴᠢᠳ ᠤᠨ ᠰᠠᠨᠠᠯ ᠱᠠᠭᠠᠷᠲᠠᠯᠭ᠎ᠠ ᠳᠤ ᠨᠡᠶᠢᠴᠡᠬᠦᠯᠦᠨ ᠨᠠᠶᠢᠷᠠᠭᠤᠯᠵᠦ ᠬᠡᠪᠯᠡᠬᠦᠯᠵᠦ ᠬᠠᠮᠲᠦ ᠪᠠᠷ ᠠᠰᠢᠬᠯᠠᠬᠤ ᠳᠤ ᠪᠢᠳᠡᠨ ᠳᠤ ᠬᠠᠮᠤᠭ ᠤᠨ ᠲᠦᠷᠦᠬᠦᠨ ᠳᠤ ᠡᠳ᠋ ᠤᠨ ᠵᠠᠰᠠᠭ ᠪᠡᠯᠡ ᠮᠦᠡᠭᠬᠦᠨ ᠤ ᠬᠦᠴᠢᠷᠳᠡᠯ ᠲᠤᠯᠭᠠᠷᠠᠵᠦ ᠪᠤᠢ᠃ ᠲᠠᠷᠠᠭ᠎ᠠ ᠨᠢ ᠰᠤᠲᠤᠷ ᠪᠢᠴᠢᠭ ᠴᠦᠭᠡᠨ ᠬᠡᠲᠦᠨ ᠬᠦᠮᠦᠨ᠂ ᠴᠦᠭᠡᠨ ᠬᠡᠲᠦᠨ ᠪᠠᠶᠢᠭᠤᠯᠭ᠎ᠠ ᠳᠤ ᠲᠦᠪᠯᠡᠷᠡᠵᠦ ᠪᠠᠶᠢᠭ᠎ᠠ ᠤᠴᠢᠷ ᠠᠴᠠ ᠬᠠᠮᠲᠦ ᠪᠠᠷ ᠠᠰᠢᠬᠯᠠᠬᠤ ᠳᠤ ᠪᠠᠭ᠎ᠠ ᠪᠤᠰᠤ ᠬᠠᠷᠰᠢ ᠰᠠᠭᠠᠳ ᠲᠤᠯᠭᠠᠷᠠᠵᠦ ᠪᠠᠶᠢᠨ᠎ᠠ︾ ᠭᠡᠵᠦ ᠦᠪᠦᠷ ᠮᠤᠩᠭᠤᠯ ᠤᠨ ᠴᠦᠭᠡᠨ ᠲᠤᠭᠠᠲᠦ ᠦᠨᠲᠦᠰᠦᠳᠡᠨ ᠤ ᠰᠤᠲᠤᠷ ᠪᠢᠴᠢᠭ ᠪᠤᠯᠤᠨ ᠭᠡᠰᠡᠷ ᠢ ᠡᠮᠬᠢᠳᠭᠡᠨ ᠰᠤᠲᠤᠯᠬᠤ ᠭᠠᠵᠠᠷ ᠤᠨ ᠡᠷᠬᠢᠯᠡᠭᠴᠢ ᠰᠤᠶᠤᠯᠲᠦ ᠶᠠᠷᠢᠵᠦ ᠪᠠᠶᠢᠯ᠎ᠠ᠃︽ᠨᠠᠶᠢᠷᠠᠭᠤᠯᠵᠦ ᠬᠡᠪᠯᠡᠬᠦᠯᠵᠦ ᠪᠠᠶᠢᠭ᠎ᠠ ᠰᠤᠲᠤᠷ ᠪᠢᠴᠢᠭ ᠤᠨ ᠲᠤᠭ᠎ᠠ ᠤᠭ ᠤᠨ ᠬᠢ ᠠᠴᠠ ᠪᠠᠨ ᠨᠡᠮᠡᠭᠳᠡᠵᠦ᠂ ᠤᠡᠭᠰᠢᠭᠴᠢᠳ ᠤᠨ ᠲᠤᠭ᠎ᠠ ᠤᠯᠠᠰᠢᠷᠠᠵᠦ ᠪᠠᠶᠢᠨ᠎ᠠ ᠭᠡᠳᠡᠭ ᠪᠤᠯᠪᠠᠴᠦ᠂ ᠪᠤᠰᠤᠳ ᠦᠨᠲᠦᠰᠦᠳᠡᠨ ᠤ ᠨᠤᠮ ᠤᠡᠭᠰᠢᠵᠦ ᠪᠠᠶᠢᠭ᠎ᠠ ᠬᠦᠮᠦᠨ ᠤ ᠲᠤᠭ᠎ᠠ ᠮᠠᠨ ᠤ ᠬᠢ ᠠᠴᠠ ᠬᠡᠲᠦ ᠲᠠᠬᠢᠨ᠂ ᠴᠠᠭᠠᠰᠢᠯᠠᠪᠠᠯ ᠬᠡᠲᠦᠨ ᠠᠷᠪᠠᠨ ᠲᠠᠬᠢᠨ ᠪᠠᠶᠢᠲᠠᠭ᠃ ᠤᠡᠭᠰᠢᠬᠴᠢᠳ ᠤᠨ ᠱᠠᠭᠠᠷᠲᠠᠯᠭ᠎ᠠ ᠶᠢ ᠤᠯᠠᠮ ᠢᠶᠠᠷ ᠠᠩᠬᠠᠷᠴᠦ᠂ ᠨᠡᠩ ᠤᠯᠠᠨ ᠰᠤᠲᠤᠨ ᠪᠦᠲᠦᠭᠡᠯ ᠢ ᠨᠠᠶᠢᠷᠠᠭᠤᠯᠵᠦ ᠬᠡᠪᠯᠡᠬᠦ ᠨᠢ ᠰᠠᠶᠢ ᠰᠤᠲᠤᠷ ᠪᠢᠴᠢᠭ ᠤᠨ ᠵᠠᠪᠠᠯ ᠶᠠᠪᠤᠬᠤ ᠵᠦᠪ ᠵᠠᠮ ᠪᠤᠯᠤᠨ᠎ᠠ︾ ᠭᠡᠵᠦ ᠠᠷᠠᠳ ᠤᠨ ᠬᠡᠪᠯᠡᠯ ᠤᠨ ᠬᠤᠷᠢᠶᠠᠨ ᠤ ᠮᠤᠩᠭᠤᠯ ᠰᠤᠲᠤᠯᠤᠯ ᠤᠨ ᠨᠤᠮ ᠪᠢᠴᠢᠭ ᠨᠠᠶᠢᠷᠠᠭᠤᠯᠬᠤ ᠲᠦᠪ ᠤᠨ ᠡᠷᠬᠢᠯᠡᠭᠴᠢ ᠨᠠᠷᠠᠰᠦ ᠶᠠᠷᠢᠵᠦ ᠪᠠᠶᠢᠯ᠎ᠠ᠃      ᠰᠤᠲᠤᠷ ᠪᠢᠴᠢᠭ ᠤᠨ ᠬᠠᠮᠠᠭᠠᠯᠠᠯᠲᠠ ᠨᠡᠩ ᠡᠷᠴᠢᠮᠵᠢᠯ᠎ᠡ      ᠵᠠᠮ ᠬᠠᠷᠢᠯᠴᠠᠭ᠎ᠠ ᠲᠦᠬᠦᠮ ᠦᠬᠡᠢ᠂ ᠨᠦᠬᠦᠴᠡᠯ ᠪᠠᠶᠢᠲᠠᠯ ᠪᠠᠷᠤᠭᠲᠠᠢ ᠪᠠᠶᠢᠬᠰᠠᠨ ᠲᠡᠭᠡᠷ᠎ᠡ ᠵᠠᠭᠤᠨ ᠤ ᠲᠠᠪᠢᠭᠠᠳ ᠤᠨ ᠳᠤ᠂ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠲᠤᠯᠤᠬᠴᠢ ᠮᠡᠷᠭᠡᠨᠪᠠᠭᠠᠲᠦᠷ᠂ ᠲᠤᠷᠤᠩᠭ᠎ᠠ ᠦᠪᠦᠷ ᠮᠤᠩᠭᠤᠯ ᠢ ᠵᠡᠬᠦᠨ ᠠᠴᠠ ᠪᠠᠷᠠᠭᠤᠨᠰᠢ ᠲᠤᠭᠤᠯᠵᠦ᠂ ᠠᠷᠠᠳ ᠤᠨ ᠲᠤᠮᠲᠠ ᠬᠠᠲᠠᠭᠠᠯᠠᠬᠲᠠᠵᠦ᠂ ᠰᠦᠮ᠎ᠡ ᠬᠡᠶᠢᠳ ᠲᠤ ᠨᠢᠭᠤᠭᠲᠠᠵᠦ ᠪᠠᠶᠢᠬᠰᠠᠨ ᠰᠠᠭᠠᠩ ᠰᠡᠴᠡᠨ ᠤ ︽ᠡᠷᠳᠡᠨᠢ ᠶᠢᠨ ᠲᠤᠪᠴᠢ︾᠂ ᠦᠵᠦᠭ ᠢᠶᠠᠷ ᠬᠠᠭᠤᠯᠤᠬᠰᠠᠨ ︽ᠭᠠᠨᠵᠤᠤᠷ︾ ᠵᠡᠷᠭᠡ ᠮᠠᠰᠢ ᠤᠯᠠᠨ ᠬᠤᠪᠤᠷ ᠦᠨᠡᠲᠦ ᠰᠤᠲᠤᠷ ᠪᠢᠴᠢᠭ ᠤᠳ ᠢ ᠴᠤᠭᠯᠠᠭᠤᠯᠵᠦ ᠡᠮᠬᠢᠳᠭᠡᠨ᠂ ᠮᠠᠨ ᠤ ᠤᠷᠤᠨ ᠤ ᠮᠤᠩᠭᠤᠯ ᠰᠤᠲᠤᠷ ᠪᠢᠴᠢᠭ ᠢ ᠢᠯᠡᠷᠡᠬᠦᠯᠵᠦ᠂ ᠠᠪᠤᠷᠠᠨ ᠬᠠᠮᠠᠭᠠᠯᠠᠬᠤ ᠳᠤ ᠪᠠᠯᠠᠷᠠᠰᠢ ᠦᠬᠡᠢ ᠭᠠᠪᠢᠶ᠎ᠠ ᠵᠢᠳᠬᠦᠯ ᠦᠵᠡᠬᠦᠯᠦᠭᠰᠡᠨ ᠪᠢᠯᠡ᠃︽1984 ᠤᠨ ᠳᠤ ᠨᠠᠮ ᠤᠨ ᠲᠦᠪ ᠬᠤᠷᠢᠶᠠᠨ ᠠᠴᠠ ᠪᠠᠭᠤᠯᠭᠠᠭᠰᠠᠨ 30 ᠳ᠋ᠤᠭᠠᠷ ᠲᠤᠭᠠᠲᠦ ᠪᠢᠴᠢᠭ ᠮᠠᠲ᠋ᠧᠷᠢᠶᠠᠯ ᠳᠤ᠂ ᠰᠤᠲᠤᠷ ᠪᠢᠴᠢᠭ ᠢ ᠠᠪᠤᠷᠠᠵᠦ ᠬᠠᠮᠠᠭᠠᠯᠠᠬᠤ ᠠᠵᠢᠯ ᠢ ᠴᠢᠬᠤᠯᠠᠴᠢᠯᠠᠨ ᠵᠢᠭᠠᠪᠦᠷᠢᠯᠠᠬᠰᠠᠨ ᠠᠴᠠ ᠤᠯᠤᠰ ᠲᠠᠶᠠᠭᠠᠷ ᠡᠬᠢᠯᠡᠵᠦ ᠡᠨᠡ ᠠᠵᠢᠯ ᠢ ᠦᠷᠨᠢᠬᠦᠯᠦᠭᠰᠡᠨ ᠶᠤᠮ᠂ ᠬᠡᠪᠡᠴᠦ ᠮᠠᠨ ᠤ ᠤᠷᠤᠨ ᠡᠨᠡ ᠬᠦ ᠠᠵᠢᠯ ᠤᠨ ᠴᠢᠬᠤᠯᠠ ᠴᠢᠨᠠᠷ ᠢ ᠡᠷᠳᠡ ᠲᠠᠨᠢᠵᠦ᠂ ᠲᠡᠭᠡᠷ᠎ᠡ ᠵᠠᠭᠤᠨ ᠤ ᠲᠠᠪᠢ ᠵᠢᠷᠠᠭᠠᠳ ᠤᠨ ᠠᠴᠠ ᠡᠬᠢᠯᠡᠭᠡᠳ ᠮᠤᠩᠭᠤᠯ ᠰᠤᠲᠤᠷ ᠪᠢᠴᠢᠭ ᠢ ᠡᠮᠬᠢᠳᠭᠡᠨ ᠴᠤᠭᠯᠠᠭᠤᠯᠵᠦ᠂ ᠠᠪᠤᠷᠠᠨ ᠬᠠᠮᠠᠭᠠᠯᠠᠵᠦ ᠡᠬᠢᠯᠡᠭᠰᠡᠨ ᠰᠢᠦ︾ ᠭᠡᠵᠦ ᠦᠪᠦᠷ ᠮᠤᠩᠭᠤᠯ ᠤᠨ ᠴᠦᠭᠡᠨ ᠲᠤᠭᠠᠲᠦ ᠦᠨᠲᠦᠰᠦᠳᠡᠨ ᠤ ᠰᠤᠲᠤᠷ ᠪᠢᠴᠢᠭ ᠪᠤᠯᠤᠨ ᠭᠡᠰᠡᠷ ᠢ ᠡᠮᠬᠢᠳᠭᠡᠨ ᠰᠤᠲᠤᠯᠬᠤ ᠭᠠᠵᠠᠷ ᠤᠨ ᠡᠷᠬᠢᠯᠡᠭᠴᠢ ᠰᠤᠶᠤᠯᠲᠦ ᠶᠠᠷᠢᠨ᠎ᠠ᠃      2007 ᠤᠨ ᠤ 1 ᠰᠠᠷ᠎ᠠ ᠳᠤ᠂ ᠲᠦᠷᠦ ᠶᠢᠨ ᠶᠠᠪᠤᠲᠠᠯ ᠤᠨ ᠬᠤᠷᠢᠶᠠᠨ ᠤ ᠠᠯᠪᠠᠨ ᠲᠢᠩᠬᠢᠮ ᠠᠴᠠ ︽ᠰᠤᠲᠤᠷ ᠪᠢᠴᠢᠭ ᠢ ᠬᠠᠮᠠᠭᠠᠯᠠᠬᠤ ᠠᠵᠢᠯ ᠢ ᠤᠯᠠᠮ ᠨᠢᠬᠡ ᠠᠯᠬᠤᠮ ᠴᠢᠩᠭᠠᠳᠬᠠᠬᠤ ᠲᠤᠬᠠᠢ ᠰᠠᠨᠠᠯ︾ ᠢ ᠨᠡᠶᠢᠳᠡᠯᠡᠭᠰᠡᠨ ᠠᠴᠠ ᠰᠤᠲᠤᠷ ᠪᠢᠴᠢᠭ ᠤᠨ ᠬᠠᠮᠠᠭᠠᠯᠠᠯᠲᠠ ᠶᠢᠨ ᠠᠵᠢᠯ ᠰᠢᠨ᠎ᠡ ᠬᠦᠭᠵᠢᠯᠳᠡ ᠶᠢᠨ ᠴᠠᠭ ᠦᠶ ᠎ᠡ ᠳᠡᠭᠡᠨ ᠲᠠᠪᠰᠢᠨ ᠤᠷᠤᠯ᠎ᠠ᠃ ︽ᠨᠠᠶᠠᠭᠠᠳ ᠤᠨ ᠠᠴᠠ ᠮᠠᠨ ᠤ ᠠᠯᠪᠠᠨ ᠭᠡᠷ ᠠᠵᠢᠯ ᠤᠨ ᠭᠤᠤᠯᠲᠠᠯᠭ᠎ᠠ ᠪᠠᠨ ᠰᠤᠲᠤᠷ ᠪᠢᠴᠢᠭ ᠡᠮᠬᠢᠳᠭᠡᠵᠦ ᠨᠠᠶᠢᠷᠠᠭᠤᠯᠵᠦ ᠬᠡᠪᠯᠡᠬᠦᠯᠬᠦ ᠲᠡᠭᠡᠷ᠎ᠡ ᠲᠠᠯᠪᠢᠬᠰᠠᠨ︾ ᠭᠡᠵᠦ ᠰᠤᠶᠤᠯᠲᠦ ᠶᠠᠷᠢᠨ᠎ᠠ᠃      ᠮᠠᠨ ᠤ ᠤᠯᠤᠰ ᠤᠨ ᠭᠤᠷᠪᠠᠨ ᠶᠡᠭᠡ ᠲᠤᠤᠯᠢ ᠶᠢᠨ ᠨᠢᠬᠡ ᠪᠤᠯᠬᠤ ︽ᠭᠡᠰᠡᠷ︾ ᠪᠤᠯ ᠤᠯᠠᠨ ᠤᠯᠤᠰ ᠤᠨ ᠬᠤᠯᠪᠤᠭᠠᠲᠦ ᠪᠠᠶᠢᠭᠤᠯᠭ᠎ᠠ ᠶᠢᠨ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠲᠠ ᠶᠢᠨ ︽ᠬᠦᠮᠦᠨ ᠲᠦᠷᠦᠯᠬᠢᠳᠡᠨ ᠤ ᠪᠤᠲᠠᠰ ᠤᠨ ᠪᠤᠰᠤ ᠰᠤᠶᠤᠯ ᠤᠨ ᠦᠪ ᠤᠨ ᠲᠦᠯᠦᠬᠡᠯᠡᠭᠴᠢ ᠪᠦᠲᠦᠭᠡᠯ ᠤᠨ ᠨᠡᠷᠡᠰ︾ ᠲᠤ ᠵᠢᠬᠰᠠᠭᠠᠭᠲᠠᠭᠰᠠᠨ ᠴᠢᠬᠤᠯᠠ ᠰᠤᠲᠤᠷ ᠪᠢᠴᠢᠭ ᠪᠤᠯᠬᠤ ᠶᠤᠮ᠃ ︽ᠲᠡᠭᠡᠷ᠎ᠡ ᠵᠠᠭᠤᠨ ᠤ ᠨᠠᠶᠠᠭᠠᠳ ᠤᠨ ᠳᠤ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠳᠤ ᠭᠡᠰᠡᠷ ᠤᠨ ᠠᠯᠪᠠᠨ ᠭᠡᠷ ᠪᠠᠶᠢᠭᠤᠯᠤᠬᠲᠠᠬᠰᠠᠨ᠂ ᠡᠬᠦᠨ ᠤ ᠲᠠᠷᠠᠭ᠎ᠠ ︿ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠭᠡᠰᠡᠷ ᠢ ᠠᠪᠤᠷᠠᠵᠦ ᠬᠠᠮᠠᠭᠠᠯᠠᠬᠤ ᠢᠨᠵᠧᠨᠧᠷᠢᠩ﹀ ᠤᠨ ᠲᠦᠷᠦᠯ ᠵᠦᠢᠯ ᠢᠶᠠᠷ ᠮᠡᠳᠡᠬᠦᠯᠵᠦ᠂ 2012 ᠤᠨ ᠠᠴᠠ 2017 ᠤᠨ ᠪᠤᠯᠲᠠᠯᠠᠬᠢ 5 ᠵᠢᠯ ᠤᠨ ᠬᠤᠭᠤᠴᠠᠭᠠᠨ ᠳᠤ᠂ ᠤᠷᠢᠳ ᠬᠤᠵᠢᠳ 30 ᠭᠠᠷᠤᠢ ᠲᠦᠷᠦᠯ ᠵᠦᠢᠯ ᠲᠤᠭᠲᠠᠭᠠᠵᠦ᠂ 56 ᠨᠤᠮ ᠭᠠᠷᠭᠠᠵᠠᠢ᠂ ᠡᠬᠦᠨ ᠤ ᠬᠠᠮᠲᠦ ︿ᠭᠡᠰᠡᠷ﹀ ᠢ ᠲᠤᠭᠠᠴᠢᠯᠠᠭᠤᠯᠬᠤ ᠠᠵᠢᠯ ᠢ ᠭᠠᠷᠲᠠᠨ ᠬᠢᠵᠦ ᠳ᠋ᠡᠶᠢᠲ᠋ᠠ ᠬᠦᠮᠦᠷᠬᠡ ᠪᠠᠶᠢᠭᠤᠯᠤᠬᠰᠠᠨ ᠶᠤᠮ︾ ᠭᠡᠵᠦ ᠰᠤᠶᠤᠯᠲᠦ ︽ᠭᠡᠰᠡᠷ︾ ᠢ ᠠᠪᠤᠷᠠᠵᠦ ᠬᠠᠮᠠᠭᠠᠯᠠᠬᠰᠠᠨ ᠠᠵᠢᠯ ᠤᠨ ᠢᠶᠠᠨ ᠲᠤᠬᠠᠢ ᠲᠠᠨᠢᠯᠴᠠᠭᠤᠯᠵᠦ ᠪᠠᠶᠢᠯ᠎ᠠ᠃      ᠰᠤᠲᠤᠷ ᠪᠢᠴᠢᠭ ᠢ ᠠᠪᠤᠷᠠᠵᠦ ᠬᠠᠮᠠᠭᠠᠯᠠᠬᠤ ᠮᠦᠷᠳᠡᠭᠡᠨ ᠲᠡᠬᠦᠨ ᠢ ᠠᠮᠢᠯᠠᠭᠤᠯᠬᠤ ᠭᠡᠷᠡᠭᠳᠡᠢ᠃ ︽ᠭᠡᠰᠡᠷ︾ ᠢ ᠠᠪᠤᠷᠠᠵᠦ ᠬᠠᠮᠠᠭᠠᠯᠠᠨ᠂ ᠲᠤᠭᠠᠴᠢᠯᠠᠭᠤᠯᠵᠦ ᠠᠰᠢᠬᠯᠠᠬᠰᠠᠨ ᠵᠢᠱᠢᠶ᠎ᠡ ᠨᠢ ᠮᠤᠩᠭᠤᠯ ᠰᠤᠲᠤᠷ ᠪᠢᠴᠢᠭ ᠢ ᠠᠪᠤᠷᠠᠵᠦ ᠬᠠᠮᠠᠭᠠᠯᠠᠬᠤ᠂ ᠬᠠᠮᠲᠦ ᠪᠠᠷ ᠠᠰᠢᠬᠯᠠᠬᠤ ᠳᠤ ᠨᠢᠬᠡᠨ ᠠᠰᠢᠬᠯᠠᠵᠦ ᠪᠤᠯᠬᠤᠢᠢᠴᠠ ᠠᠮᠢᠲᠤ ᠵᠢᠱᠢᠶ᠎ᠡ ᠪᠤᠯᠤᠬᠰᠠᠨ ᠪᠢᠯᠡ᠃︽ᠪᠢᠳᠡ ᠤᠲᠤᠬᠠᠨ ᠳᠤ ᠭᠤᠤᠯᠲᠠᠭᠤ 17 ᠳ᠋ᠤᠭᠠᠷ ᠵᠠᠭᠤᠨ ᠠᠴᠠ ᠨᠠᠭᠠᠦᠪᠦᠷ ᠮᠤᠩᠭᠤᠯ ᠤᠨ ᠴᠦᠭᠡᠨ ᠲᠤᠭᠠᠲᠦ ᠦᠨᠲᠦᠰᠦᠳᠡᠨ ᠤ ᠰᠤᠲᠤᠷ ᠪᠢᠴᠢᠭ ᠪᠤᠯᠤᠨ ᠭᠡᠰᠡᠷ ᠢ ᠡᠮᠬᠢᠳᠭᠡᠨ ᠰᠤᠲᠤᠯᠬᠤ ᠭᠠᠵᠠᠷ ᠤᠨ ᠡᠷᠬᠢᠯᠡᠭᠴᠢ ᠰᠢᠬᠢ ᠰᠤᠲᠤᠷ ᠪᠢᠴᠢᠭ ᠢ ᠤᠯᠤᠭᠠᠳ ᠪᠠᠶᠢᠨ᠎ᠠ᠃ 13 ᠳ᠋ᠤᠭᠠᠷ ᠵᠠᠭᠤᠨ ᠳᠤ ︿ᠮᠤᠩᠭᠤᠯ ᠤᠨ ᠨᠢᠭᠤᠴᠠ ᠲᠤᠪᠴᠢᠶᠠᠨ﹀᠂ 14 ᠳ᠋ᠤᠭᠡᠷ ᠵᠠᠭᠤᠨ ᠳᠤ ︿ᠰᠤᠲᠤᠷ ᠤᠨ ᠴᠢᠭᠤᠯᠭᠠᠨ﹀ ᠲᠡᠮᠳᠡᠭᠯᠡᠭᠳᠡᠨ ᠦᠯᠡᠳᠡᠭᠰᠡᠨ ᠪᠠᠶᠢᠨ᠎ᠠ᠃ ᠲᠡᠭᠡᠪᠡᠯ 14 — 16 ᠳ᠋ᠤᠭᠠᠷ ᠵᠠᠭᠤᠨ ᠳᠤ ᠪᠢᠴᠢᠭᠳᠡᠭᠰᠡᠨ ᠰᠤᠲᠤᠷ ᠪᠢᠴᠢᠭ ᠪᠠᠶᠢᠨ᠎ᠠ ᠤᠤ ᠦᠬᠡᠢ ᠤᠤ︖ ᠡᠬᠦᠨ ᠢ ᠭᠡᠨ ᠴᠦ ᠬᠡᠯᠡᠵᠦ ᠮᠡᠳᠡᠬᠦ ᠦᠬᠡᠢ᠂ ᠡᠶᠢᠮᠦ ᠠᠴᠠ ᠰᠤᠲᠤᠷ ᠪᠢᠴᠢᠭ ᠢ ᠢᠯᠡᠷᠡᠬᠦᠯᠬᠦ ᠳᠤ ᠪᠠᠰᠠ ᠪᠠᠭ᠎ᠠ ᠪᠤᠰᠤ ᠬᠦᠴᠢᠷᠳᠡᠯ ᠲᠤᠯᠭᠠᠷᠠᠵᠦ ᠪᠤᠢ︾ ᠭᠡᠵᠦ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠮᠤᠩᠭᠤᠯ ᠰᠤᠲᠤᠯᠤᠯ ᠤᠨ ᠨᠤᠮ ᠪᠢᠴᠢᠭ ᠨᠠᠶᠢᠷᠠᠭᠤᠯᠬᠤ ᠲᠦᠪ ᠤᠨ ᠡᠷᠬᠢᠯᠡᠭᠴᠢ ᠨᠠᠷᠠᠰᠦ ᠶᠠᠷᠢᠨ᠎ᠠ᠃      2018 ᠤᠨ ᠳᠤ᠂ ᠠᠷᠠᠳ ᠤᠨ ᠬᠡᠪᠯᠡᠯ ᠤᠨ ᠬᠤᠷᠢᠶᠠᠨ ᠤ ᠬᠢᠨ ᠵᠡᠬᠦᠨ ᠡᠸᠦ᠋ᠷᠦᠫᠡ ᠶᠢᠨ ᠬᠡᠲᠦᠨ ᠤᠯᠤᠰ ᠢᠶᠠᠷ ᠶᠠᠪᠤᠵᠦ᠂ ᠬᠠᠨᠭ᠍ᠭᠠᠷᠢ᠂ ᠴᠧᠺ᠂ ᠫᠤᠯᠠᠨᠳ᠋᠂ ᠭᠧᠷᠮᠠᠨ ᠵᠡᠷᠭᠡ ᠤᠯᠤᠰ ᠤᠳ ᠲᠤ ᠬᠠᠲᠠᠭᠠᠯᠠᠭᠲᠠᠵᠦ ᠪᠠᠶᠢᠭ᠎ᠠ ᠰᠤᠲᠤᠷ ᠪᠢᠴᠢᠭ ᠤᠨ ᠡᠯᠧᠺᠳ᠋ᠷᠤᠨ ᠪᠠᠷ ᠢ ᠤᠯᠵᠦ ᠬᠡᠪᠯᠡᠬᠦᠯᠦᠨ ᠨᠠᠶᠢᠷᠠᠭᠤᠯᠬᠤ ᠪᠠᠷ ᠵᠦᠪᠳᠡᠯᠴᠡᠵᠦ ᠲᠤᠬᠢᠷᠠᠬᠰᠠᠨ ᠪᠢᠯᠡ᠃      ︽ᠪᠦᠷᠢᠳᠭᠡᠯ ᠢ ᠦᠨᠲᠦᠰᠦᠯᠡᠪᠡᠯ᠂ ᠤᠯᠤᠰ ᠤᠨ ᠲᠤᠲᠤᠭᠠᠲᠦ ᠳᠤ 2 ᠲᠦᠮᠡ ᠭᠠᠷᠤᠢ ᠲᠦᠷᠦᠯ ᠤᠨ 30 ᠭᠠᠷᠤᠢ ᠲᠦᠮᠡᠨ ᠲᠡᠪᠳᠡᠷ ᠮᠤᠩᠭᠤᠯ ᠰᠤᠷᠪᠤᠯᠵᠢ ᠪᠢᠴᠢᠭ ᠬᠠᠲᠠᠭᠠᠯᠠᠬᠲᠠᠵᠦ ᠪᠠᠶᠢᠨ᠎ᠠ᠃ ᠭᠠᠲᠠᠭᠠᠲᠦ ᠳᠤ ᠬᠠᠲᠠᠭᠠᠯᠠᠬᠲᠠᠵᠦ ᠪᠠᠶᠢᠭ᠎ᠠ ᠮᠤᠩᠭᠤᠯ ᠰᠤᠷᠪᠤᠯᠵᠢ ᠪᠢᠴᠢᠭ ᠨᠢ ᠤᠲᠤᠨ ᠤᠷᠤᠨ᠂ ᠵᠢᠷᠤᠬᠠᠢ᠂ ᠭᠠᠵᠠᠷ ᠵᠦᠢ᠂ ᠱᠠᠰᠢᠨ ᠰᠤᠷᠲᠠᠬᠤᠨ᠂ ᠲᠡᠦᠭᠡ᠂ ᠤᠷᠠᠨ ᠵᠤᠬᠢᠶᠠᠯ ᠵᠡᠷᠭᠡ ᠮᠠᠰᠢ ᠤᠯᠠᠨ ᠠᠭᠤᠯᠭ᠎ᠠ ᠶᠢ ᠬᠠᠮᠤᠷᠤᠬᠰᠠᠨ ᠪᠤᠯᠬᠤᠷ᠂ ᠲᠡᠬᠦᠨ ᠢ ᠢᠯᠡᠷᠡᠬᠦᠯᠵᠦ ᠨᠠᠶᠢᠷᠠᠭᠤᠯᠵᠦ ᠬᠡᠪᠯᠡᠬᠦᠯᠬᠦ ᠨᠢ ᠲᠦᠢᠯ ᠤᠨ ᠴᠢᠬᠤᠯᠠ ᠠᠴᠢ ᠬᠤᠯᠪᠤᠬᠲᠠᠯ ᠲᠠᠢ ᠪᠠᠶᠢᠲᠠᠭ︾ ᠭᠡᠵᠦ ᠨᠠᠷᠠᠰᠦ ᠶᠠᠷᠢᠨ᠎ᠠ᠃      ᠲᠤᠭᠠᠴᠢᠯᠠᠭᠤᠯᠤᠯᠲᠠ ᠪᠤᠯ ᠰᠤᠲᠤᠷ ᠪᠢᠴᠢᠭ ᠢ ᠠᠪᠤᠷᠠᠨ ᠬᠠᠮᠠᠭᠠᠯᠠᠬᠤ ᠶᠢᠨ ᠵᠠᠪᠠᠯ ᠶᠠᠪᠤᠬᠤ ᠵᠠᠮ ᠪᠤᠯᠤᠨ᠎ᠠ᠃ ᠰᠤᠲᠤᠷ ᠪᠢᠴᠢᠭ ᠢ ᠲᠤᠭᠠᠴᠢᠯᠠᠭᠤᠯᠤᠨ ᠪᠤᠯᠪᠠᠰᠤᠷᠠᠭᠤᠯᠵᠦ᠂ ᠳ᠋ᠡᠶᠢᠲ᠋ᠠ ᠶᠢᠨ ᠪᠦᠲᠦᠭᠡᠭᠳᠡᠬᠦᠨ ᠦᠢᠯᠡᠳᠪᠦᠷᠢᠯᠡᠵᠦ᠂ ᠤᠡᠭᠰᠢᠬᠴᠢᠳ ᠲᠤ ᠮᠡᠳᠡᠯᠭᠡ ᠶᠢᠨ ᠦᠢᠯᠡᠴᠢᠯᠡᠭᠡ ᠬᠠᠨᠭ᠍ᠭᠠᠬᠤ ᠨᠢ ᠰᠤᠲᠤᠷ ᠪᠢᠴᠢᠭ ᠢ ᠠᠪᠤᠷᠠᠨ ᠬᠠᠮᠠᠭᠠᠯᠠᠬᠤ᠂ ᠬᠠᠮᠲᠦ ᠪᠠᠷ ᠠᠰᠢᠬᠯᠠᠬᠤ ᠶᠢᠨ ᠴᠢᠬᠤᠯᠠ ᠲᠤᠯᠭᠠᠭᠤᠷᠢᠯᠠᠯ ᠪᠤᠯᠲᠠᠭ ᠶᠤᠮ᠃      ᠰᠤᠲᠤᠷ ᠪᠢᠴᠢᠭ ᠤᠨ ᠰᠢᠨ᠎ᠡ ᠡᠷᠢᠨ ᠠᠶᠢᠰᠤᠢ      ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠲᠤᠭᠠᠴᠢᠯᠠᠭᠤᠯᠤᠭᠰᠠᠨ ᠨᠤᠮ ᠤᠨ ᠰᠠᠩ ᠤᠨ ᠭᠡᠷᠡᠭᠯᠡᠭᠡᠨ ᠤ ᠨᠢᠭᠤᠷ ᠠᠴᠠ ᠪᠡᠭᠡᠵᠢᠩ ᠪᠠᠷ ᠤᠨ ᠮᠤᠩᠭᠤᠯ ︽ᠭᠠᠨᠵᠤᠤᠷ︾ ᠢ ᠰᠢᠭᠤᠳ ᠤᠡᠭᠰᠢᠵᠦ ᠪᠤᠯᠲᠠᠭ᠂ ᠦᠪᠦᠷ ᠮᠤᠩᠭᠤᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠮᠤᠩᠭᠤᠯ ᠡᠮ ᠡᠮᠨᠡᠯᠬᠡ ᠶᠢᠨ ᠡᠷᠳᠡᠨ ᠤ ᠰᠤᠷᠪᠤᠯᠵᠢ ᠪᠢᠴᠢᠭ ᠤᠨ ᠳ᠋ᠡᠶᠢᠲ᠋ᠠ ᠬᠦᠮᠦᠷᠭᠡ ᠲᠡᠭᠡᠷ᠎ᠡ ᠠᠴᠠ ᠮᠤᠩᠭᠤᠯ ᠠᠨᠠᠭᠠᠬᠤ ᠤᠬᠠᠭᠠᠨ ᠤ ᠬᠠᠮᠢᠶ᠎ᠠ ᠪᠦᠬᠦᠢ ᠰᠤᠲᠤᠷ ᠪᠢᠴᠢᠭ ᠢ ᠤᠡᠭᠰᠢᠵᠦ ᠪᠤᠯᠲᠠᠭ ᠁ᠤᠲᠤᠬᠠᠨ ᠳᠤ᠂ ᠦᠪᠦᠷ ᠮᠤᠩᠭᠤᠯ ᠤᠨ ᠨᠤᠮ ᠤᠨ ᠰᠠᠩ᠂ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠤᠮ ᠤᠨ ᠰᠠᠩ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠨᠤᠮ ᠤᠨ ᠰᠠᠩ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠨᠤᠮ ᠤᠨ ᠰᠠᠩ ᠪᠠ ᠦᠪᠦᠷ ᠮᠤᠩᠭᠤᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠮᠤᠩᠭᠤᠯ ᠡᠮ ᠡᠮᠨᠡᠯᠬᠡ ᠶᠢᠨ ᠮᠦᠽᠸᠢ ᠵᠡᠷᠭᠡ ᠨᠢ ᠪᠦᠷ ᠰᠤᠲᠤᠷ ᠪᠢᠴᠢᠭ ᠢ ᠲᠤᠭᠠᠴᠢᠯᠠᠭᠤᠯᠬᠤ᠂ ᠰᠢᠷᠪᠢᠬᠦ᠂ ᠬᠠᠲᠠᠭᠠᠯᠠᠬᠤ ᠠᠵᠢᠯ ᠢ ᠪᠡᠶᠡᠯᠡᠬᠦᠯᠦᠭᠰᠡᠨ ᠪᠠᠶᠢᠨ᠎ᠠ᠃      ︽ᠰᠤᠲᠤᠷ ᠪᠢᠴᠢᠭ ᠢ ᠵᠦᠪᠭᠡᠨ ᠨᠤᠮ ᠬᠡᠪᠯᠡᠯ ᠢᠶᠠᠷ ᠭᠠᠷᠭᠠᠬᠤ ᠪᠢᠰᠢ᠂ ᠵᠠᠪᠠᠯ ᠲᠤᠭᠠᠴᠢᠯᠠᠭᠤᠯᠤᠨ ᠬᠠᠲᠠᠭᠠᠯᠠᠵᠦ᠂ ᠳ᠋ᠡᠶᠢᠲ᠋ᠠ ᠬᠦᠮᠦᠷᠭᠡ ᠪᠠᠶᠢᠭᠤᠯᠬᠤ ᠭᠡᠷᠡᠭᠳᠡᠢ᠃ ᠡᠨᠡ ᠵᠢᠯ ᠮᠠᠨ ᠤ ᠬᠡᠪᠯᠡᠯ ᠤᠨ ᠬᠤᠷᠢᠶᠠᠨ ᠤ ᠬᠢᠨ ᠤᠯᠤᠰ ᠤᠨ ᠴᠦᠭᠡᠨ ᠲᠤᠭᠠᠲᠦ ᠦᠨᠲᠦᠰᠦᠳᠡᠨ ᠤ ᠦᠰᠦᠭ ᠪᠢᠴᠢᠭ ᠤᠨ ᠬᠡᠪᠯᠡᠯ ᠤᠨ ᠪᠡᠯᠡ ᠮᠦᠡᠭᠬᠦ ᠶᠢᠨ ᠲᠤᠰᠠᠯᠠᠮᠵᠢ ᠶᠢᠨ ᠲᠦᠷᠦᠯ ᠵᠦᠢᠯ ᠢᠶᠠᠷ 30 ᠰᠤᠲᠤᠷ ᠪᠢᠴᠢᠭ ᠢ ᠲᠤᠭᠠᠴᠢᠯᠠᠭᠤᠯᠬᠤ ᠪᠠᠷ ᠮᠡᠳᠡᠬᠦᠯᠦᠭᠡᠳ ᠪᠠᠶᠢᠨ᠎ᠠ︾ ᠭᠡᠵᠦ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠮᠤᠩᠭᠤᠯ ᠰᠤᠲᠤᠯᠤᠯ ᠤᠨ ᠨᠠᠶᠢᠷᠠᠭᠤᠯᠬᠤ ᠲᠦᠪ ᠤᠨ ᠡᠷᠬᠢᠯᠡᠭᠴᠢ ᠨᠠᠷᠠᠰᠦ ᠶᠠᠷᠢᠨ᠎ᠠ᠃︽ᠰᠤᠲᠤᠷ ᠪᠢᠴᠢᠭ ᠬᠡᠵᠢᠶ᠎ᠡ ᠪᠤᠯᠪᠠᠴᠦ ᠲᠤᠭᠠᠴᠢᠯᠠᠭᠤᠯᠬᠤ ᠵᠠᠮ ᠢᠶᠠᠷ ᠶᠠᠪᠤᠬᠤ ᠭᠡᠷᠡᠭᠳᠡᠢ᠃ ᠮᠤᠩᠭᠤᠯ ᠰᠤᠲᠤᠷ ᠪᠢᠴᠢᠭ ᠢᠶᠠᠷ ᠵᠢᠱᠢᠶᠡᠯᠡᠬᠦ ᠳᠤ᠂ ᠬᠡᠪᠯᠡᠬᠦᠯᠬᠦ ᠰᠠᠭᠤᠷᠢ ᠲᠤᠭ᠎ᠠ ᠨᠢ ᠴᠦᠭᠡᠨ ᠤᠴᠢᠷ ᠠᠴᠠ ᠦᠪᠡᠷ ᠤᠨ ᠦᠷᠳᠡᠭ ᠨᠢ ᠦᠨᠲᠦᠷ᠂ ᠦᠨ᠎ᠡ ᠬᠠᠨᠭ᠍ᠰᠢ ᠨᠢ ᠴᠦ ᠬᠠᠷᠢᠴᠠᠩᠭᠤᠢ ᠦᠨᠲᠦᠷ ᠪᠠᠶᠢᠲᠠᠭ᠃ ᠡᠳᠡᠭᠡᠷ ᠰᠤᠲᠤᠷ ᠪᠢᠴᠢᠭ ᠢ ᠭᠡᠷᠪᠡ ᠲᠤᠭᠠᠴᠢᠯᠠᠭᠤᠯᠬᠤ ᠳᠤ ᠬᠦᠷᠪᠡᠯ᠂ ᠤᠡᠭᠰᠢᠬᠴᠢᠳ ᠤᠡᠭᠰᠢᠬᠤ ᠳᠤ ᠠᠮᠠᠷ᠂ ᠠᠰᠢᠬᠯᠠᠬᠤ ᠳᠤ ᠴᠦ ᠲᠦᠬᠦᠮ ᠪᠤᠯᠤᠨ᠎ᠠ︾ ᠭᠡᠵᠦ ᠲᠡᠷᠡ ᠤᠡᠭᠰᠢᠬᠴᠢ ᠶᠢᠨ ᠲᠠᠯ᠎ᠠ ᠠᠴᠠ ᠦᠵᠡᠯᠳᠡ ᠪᠠᠨ ᠲᠤᠲᠤᠷᠬᠠᠢᠢᠯᠠᠨ᠎ᠠ᠃      ᠰᠤᠶᠤᠯ ᠤᠨ ᠡᠬᠢ ᠪᠠᠶᠠᠯᠢᠭ ᠢ ᠲᠤᠭᠠᠴᠢᠯᠠᠭᠤᠯᠤᠨ ᠬᠠᠮᠠᠭᠠᠯᠠᠵᠦ᠂ ᠨᠡᠭᠡᠭᠡᠨ ᠠᠰᠢᠬᠯᠠᠬᠤ ᠨᠢ ᠨᠢᠬᠡᠨᠳᠡ ᠰᠤᠶᠤᠯ ᠢ ᠤᠯᠠᠮᠵᠢᠯᠠᠵᠦ ᠰᠢᠨ᠎ᠡ ᠶᠢ ᠡᠬᠦᠳᠬᠦ ᠶᠢᠨ ᠴᠢᠬᠤᠯᠠ ᠠᠷᠭ᠎ᠠ ᠵᠠᠮ ᠪᠤᠯᠤᠬᠰᠠᠨ ᠪᠢᠯᠡ᠃ ᠦᠪᠦᠷ ᠮᠤᠩᠭᠤᠯ ᠤᠨ ᠰᠤᠲᠤᠷ ᠪᠢᠴᠢᠭ ᠪᠤᠯᠤᠨ ᠭᠡᠰᠡᠷ ᠰᠤᠲᠤᠯᠬᠤ ᠭᠠᠵᠠᠷ ᠤᠨ ᠬᠢᠨ ︽ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︿ᠭᠡᠰᠡᠷ﹀ ᠢ ᠠᠪᠤᠷᠠᠨ ᠬᠠᠮᠠᠭᠠᠯᠠᠬᠤ ᠢᠨᠵᠧᠨᠧᠷᠢᠩ︾ ᠢ ᠭᠡᠷᠡᠭᠵᠢᠬᠦᠯᠬᠦ ᠲᠤᠮᠲᠠ ᠪᠠᠨ ︽ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠴᠦᠭᠡᠨ ᠲᠤᠭᠠᠲᠦ ᠦᠨᠲᠦᠰᠦᠳᠡᠨ ᠤ ᠰᠤᠲᠤᠷ ᠪᠢᠴᠢᠭ ᠪᠠ ︿ᠭᠡᠰᠡᠷ﹀ ᠤᠨ ᠳ᠋ᠡᠶᠢᠲ᠋ᠠ ᠬᠦᠮᠦᠷᠭᠡ ᠪᠠ ᠰᠦᠯᠵᠢᠶ᠎ᠡ︾ ᠶᠢ ᠪᠠᠶᠢᠭᠤᠯᠵᠦ ᠠᠰᠢᠬᠯᠠᠯᠲᠠ ᠳᠤ ᠤᠷᠤᠭᠤᠯᠤᠬᠰᠠᠨ ᠪᠢᠯᠡ᠃︽ᠮᠠᠨ ᠤ ᠰᠤᠲᠤᠷ ᠪᠢᠴᠢᠭ ᠪᠤᠯᠤᠨ ᠭᠡᠰᠡᠷ ᠰᠤᠲᠤᠯᠬᠤ ᠭᠠᠵᠠᠷ ᠤᠨ ᠬᠢᠨ ᠬᠤᠵᠢᠮ ᠤᠨ ᠠᠵᠢᠯ ᠤᠨ ᠭᠤᠤᠯᠲᠠᠯᠭ᠎ᠠ ᠪᠠᠨ ᠦᠷᠬᠦᠯᠵᠢᠯᠡᠨ ᠲᠤᠭᠠᠴᠢᠯᠠᠭᠤᠯᠤᠯᠲᠠ ᠲᠡᠭᠡᠷ᠎ᠡ ᠲᠠᠯᠪᠢᠬᠤ ᠪᠤᠯᠤᠨ᠎ᠠ᠂ ᠪᠢᠳᠡ ᠮᠤᠩᠭᠤᠯ ᠰᠤᠲᠤᠷ ᠪᠢᠴᠢᠭ ᠢ ᠬᠠᠮᠲᠦ ᠪᠠᠷ ᠠᠰᠢᠬᠯᠠᠬᠤ ᠢᠨᠵᠧᠨᠧᠷᠢᠩ ᠢᠶᠠᠨ ᠦᠷᠬᠦᠯᠵᠢᠯᠡᠨ ᠨᠡᠩ ᠰᠠᠶᠢᠲᠦᠷ ᠬᠢᠬᠦ ᠪᠤᠯᠤᠨ᠎ᠠ︾ ᠭᠡᠵᠦ ᠦᠪᠦᠷ ᠮᠤᠩᠭᠤᠯ ᠤᠨ ᠴᠦᠬᠡᠨ ᠲᠤᠭᠠᠲᠦ ᠦᠨᠲᠦᠰᠦᠳᠡᠨ ᠤ ᠰᠤᠲᠤᠷ ᠪᠢᠴᠢᠭ ᠪᠤᠯᠤᠨ ᠭᠡᠰᠡᠷ ᠢ ᠡᠮᠬᠢᠳᠭᠡᠵᠦ ᠰᠤᠲᠤᠯᠬᠤ ᠭᠠᠵᠠᠷ ᠤᠨ ᠡᠷᠬᠢᠯᠡᠭᠴᠢ ᠰᠤᠶᠤᠯᠲᠦ ᠬᠤᠵᠢᠮ ᠤᠨ ᠲᠦᠯᠦᠪᠯᠡᠭᠡ ᠪᠠᠨ ᠶᠠᠷᠢᠨ᠎ᠠ᠃      ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠨᠤᠮ ᠤᠨ ᠰᠠᠩ ᠮᠤᠩᠭᠤᠯ ᠬᠡᠯᠡᠨ ᠤ ᠰᠤᠲᠤᠷ ᠪᠢᠴᠢᠭ ᠲᠤ ᠴᠢᠭᠯᠡᠬᠦᠯᠦᠭᠰᠡᠨ ᠭᠡᠷᠡᠭᠯᠡᠭᠡᠨ ᠤ ᠵᠦᠬᠡᠯᠡᠨ ᠲᠤᠨᠤᠭ ᠤᠨ ᠰᠢᠰᠲᠧᠮ ᠢ ᠰᠤᠲᠤᠯᠤᠨ ᠠᠰᠢᠬᠯᠠᠪᠠ︔ ᠦᠪᠦᠷ ᠮᠤᠩᠭᠤᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠢᠨ ᠮᠤᠩᠭᠤᠯ ᠡᠮ ᠡᠮᠨᠡᠯᠬᠡ ᠶᠢᠨ ᠡᠷᠳᠡᠨ ᠤ ᠰᠤᠲᠤᠷ ᠪᠢᠴᠢᠭ ᠤᠨ ᠳ᠋ᠡᠶᠢᠲ᠋ᠠ ᠬᠦᠮᠦᠷᠬᠡ ᠶᠢ ᠪᠠᠶᠢᠭᠤᠯᠵᠦ᠂ ᠪᠦᠬᠦ ᠤᠯᠤᠰ᠂ ᠴᠠᠭᠠᠰᠢᠯᠠᠪᠠᠯ ᠲᠡᠯᠡᠭᠡᠢ ᠳ᠋ᠡᠬᠢᠨ ᠳᠤ ᠮᠤᠩᠭᠤᠯ ᠡᠮ ᠡᠮᠨᠡᠯᠬᠡ ᠶᠢᠨ ᠰᠤᠲᠤᠷ ᠪᠢᠴᠢᠭ ᠤᠨ ᠳ᠋ᠡᠶᠢᠲ᠋ᠠ ᠬᠦᠮᠦᠷᠬᠡ ᠪᠠᠶᠢᠬᠰᠠᠨ ᠦᠬᠡᠢ ᠬᠤᠭᠤᠰᠤᠨ ᠢ ᠨᠦᠬᠦᠪᠦᠷᠢᠯᠡᠭᠰᠡᠨ ᠪᠠᠶᠢᠨ᠎ᠠ ᠁      ᠰᠢᠨ᠎ᠡ ᠮᠡᠷᠭᠡᠵᠢᠯ᠂ ᠰᠢᠨ᠎ᠡ ᠲᠠᠪᠴᠠᠩ ᠨᠢ ᠮᠤᠩᠭᠤᠯ ᠰᠤᠲᠤᠷ ᠪᠢᠴᠢᠭ ᠢ ᠤᠯᠠᠮᠵᠢᠯᠠᠨ ᠬᠦᠭᠵᠢᠬᠦᠯᠬᠦ ᠳᠤ ᠰᠢᠨ᠎ᠡ ᠠᠴᠢᠶᠠᠯᠠᠪᠦᠷᠢ ᠪᠤᠯᠤᠬᠰᠠᠨ ᠪᠦᠬᠡᠳ ᠲᠡᠬᠦᠨ ᠳᠤ ᠢᠨᠲᠧᠷ ᠰᠦᠯᠵᠢᠶ᠎ᠡ ᠪᠠᠷ ᠲᠠᠮᠵᠢᠨ ᠲᠡᠯᠡᠭᠡᠢ ᠲᠡᠶᠢᠰᠢ ᠬᠦᠭᠵᠢᠬᠦ ᠰᠢᠨ᠎ᠡ ᠨᠢᠬᠡᠨ ᠪᠤᠯᠤᠮᠵᠢ ᠶᠢ ᠬᠠᠨᠭ᠍ᠭᠠᠭᠰᠠᠨ ᠪᠢᠯᠡ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ