ᠰᠢᠨᠬᠤᠸᠠ ᠮᠣᠩᠭᠤᠯ ᠨᠧᠲ ᠬᠦᠬᠡᠬᠤᠳᠠ ᠶᠢᠨ 4 ᠰᠠᠷ᠎ᠠ ᠶᠢᠨ 29 ᠤ ᠡᠳᠤᠷ ᠤᠨ ᠴᠠᠬᠢᠯᠭᠠᠨ ᠮᠡᠳᠡᠭᠡ ︵ᠪᠠᠢ ᠯᠢᠩ ᠳ᠋ᠢ︶ ᠤᠶᠤᠨ ᠤ | ᠲᠠᠯᠬ᠎ᠠ ᠪᠠᠷ ᠢᠶᠠᠨ ᠤᠶᠤᠨ ᠲᠡᠯᠡᠬᠡᠢ ᠶᠢ ᠪᠠᠶᠠᠯᠢᠭᠵᠢᠭᠤᠯᠵᠤ ᠶᠠᠪᠤᠭ᠎ᠠ ᠵᠠᠯᠠᠭᠤ ᠤᠷᠠᠨ ᠵᠤᠬᠢᠶᠠᠯᠴᠢ ᠨ᠊᠂ ᠪᠢᠷ᠂ ᠪ᠊᠂ ᠦᠵᠦᠮ᠎ᠡ ᠶᠢᠨ ︽ᠨᠢᠬᠡᠨ ᠭᠤᠤᠯ︾ ︽ | ᠮᠢᠨᠦ ᠦᠩᠬᠡ︾ ᠰᠢᠯᠦᠭ ᠤᠨ ᠲᠡᠬᠦᠪᠦᠷᠢ ᠶᠢ ᠲᠠᠷᠬᠠᠭᠠᠬᠤ ᠠᠵᠢᠯᠯᠠᠭ᠎ᠠ ᠵᠢᠴᠢ ᠴᠢᠯᠦᠬᠡᠳᠤ ᠶᠠᠷᠢᠯᠴᠠᠯᠭ᠎ᠠ 4 ᠰᠠᠷ᠎ᠠ ᠶᠢᠨ 27 ᠤ ᠡᠳᠤᠷ ᠬᠦᠬᠡᠬᠤᠳᠠ ᠳᠤ | ᠵᠤᠬᠢᠶᠠᠨ ᠪᠠᠶᠢᠭᠤᠯᠤᠭᠳᠠᠪᠠ᠃ | ᠴᠢᠯᠦᠬᠡᠳᠤ ᠶᠠᠷᠢᠯᠴᠠᠯᠭ᠎ᠠ ᠶᠢᠨ ᠦᠶ᠎ᠡ ᠪᠠᠷ ᠠᠬᠠᠮᠠᠡᠳ ᠰᠢᠯᠦᠭᠴᠢ ᠯ᠊᠂ ᠤᠳᠽᠠᠷ᠂ ᠵᠤᠬᠢᠶᠠᠯᠴᠢ ᠪᠦᠷᠢᠨᠳᠡᠬᠦᠰ᠂ ᠰᠢᠬᠦᠮᠵᠢᠯᠡᠭᠴᠢ ᠰᠦᠶᠦᠭᠡ᠂ ᠴ᠊᠂ | ᠵᠢᠷᠭᠠᠯ ᠨᠠᠷ ᠲᠤᠰ ᠬᠤᠶᠠᠷ ᠰᠢᠯᠦᠭ ᠤᠨ ᠲᠡᠬᠦᠪᠦᠷᠢ ᠶᠢᠨ ᠲᠤᠭᠤᠷᠢᠨ ᠳᠤ ᠤᠷᠠᠨ ᠵᠤᠬᠢᠶᠠᠯ ᠤᠨ ᠬᠡᠪ ᠨᠠᠮᠪᠠᠭ᠎ᠠ᠂ ᠤᠷᠠᠨ ᠨᠠᠶᠢᠷᠠᠭᠤᠯᠭ᠎ᠠ᠂ ᠠᠷᠭ᠎ᠠ | ᠬᠡᠯᠪᠡᠷᠢ ᠶᠢ ᠨᠢ ᠵᠠᠳᠠᠯᠤᠨ ᠰᠢᠨᠵᠢᠯᠡᠭᠰᠡᠨ ᠤ ᠬᠠᠮᠳᠤ ᠵᠠᠯᠠᠭᠤ ᠦᠶ᠎ᠡ ᠶᠢᠨ ᠤᠷᠠᠨ ᠵᠤᠬᠢᠶᠠᠯᠴᠢᠳ ᠲᠤ ᠪᠠᠨ ᠤᠷᠠᠨ ᠪᠦᠲᠦᠬᠡᠯᠬᠡ ᠶᠢᠨ ᠲᠠᠯ᠎ᠠ ᠪᠠᠷ ᠰᠠᠨᠠᠯ ᠵᠦᠪᠯᠡᠯᠬᠡ | ᠦᠭᠬᠦᠭᠰᠡᠨ ᠪᠠᠶᠢᠨ᠎ᠠ᠃ | ᠨ᠊᠂ ᠪᠢᠷ ᠤᠨ ᠰᠡᠳᠬᠢᠯᠬᠡᠨ ᠤ ︵ᠵᠠᠳᠠᠭᠠᠢ︶ ᠪᠤᠷᠤ ᠵᠢᠷᠤᠭ ᠤᠨ ᠲᠡᠬᠦᠪᠦᠷᠢ ᠪᠤᠯᠬᠤ ︽ᠨᠢᠬᠡᠨ ᠭᠤᠤᠯ︾ ᠰᠢᠯᠦᠭ ᠤᠨ ᠲᠡᠬᠦᠪᠦᠷᠢ ᠶᠢ 2018 ᠤᠨ ᠤ | 11 ᠰᠠᠷ᠎ᠠ ᠳᠤ ᠦᠨᠳᠤᠰᠦᠳᠡᠨ ᠤ ᠬᠡᠪᠯᠡᠯ ᠤᠨ ᠬᠤᠷᠢᠶᠠᠨ ᠠᠴᠠ ᠬᠡᠪᠯᠡᠬᠦᠯᠪᠡ᠃ ᠪᠦᠰᠡᠬᠦᠢ ᠨᠠᠶᠢᠷᠠᠭᠴᠢᠳ ᠤᠨ ᠰᠡᠳᠬᠢᠯ ᠤᠨ ᠦᠩᠬᠡ ᠶᠢᠨ ᠲᠤᠬᠠᠢ ᠲᠡᠮᠳᠡᠭᠯᠡᠯ | ᠪᠤᠯᠬᠤ ᠪ᠊᠂ ᠦᠵᠦᠮ᠎ᠡ ᠶᠢᠨ ︽ᠮᠢᠨᠦ ᠦᠩᠬᠡ︾ ᠰᠢᠯᠦᠭ ᠤᠨ ᠲᠡᠬᠦᠪᠦᠷᠢ 2019 ᠤᠨ ᠤ 1 ᠰᠠᠷ᠎ᠠ ᠳᠤ ᠦᠪᠦᠷ ᠮᠣᠩᠭᠤᠯ ᠤᠨ ᠰᠤᠶᠤᠯ ᠲᠠᠭᠤ ᠬᠦᠭᠵᠢᠮ | ᠲᠦᠷᠰᠦ ᠰᠢᠩᠬᠡᠬᠡᠯᠳᠡ ᠶᠢᠨ ᠬᠡᠪᠯᠡᠯ ᠤᠨ ᠬᠤᠷᠢᠶᠠᠨ ᠠᠴᠠ ᠬᠡᠪᠯᠡᠭᠳᠡᠵᠡᠢ᠃ | | | | ᠨ᠊᠂ ᠪᠢᠷ᠂ 1984 ᠤᠨ ᠳᠤ ᠦᠪᠦᠷ ᠮᠣᠩᠭᠤᠯ ᠤᠨ ᠤᠷᠳᠤᠰ ᠬᠤᠳᠠ ᠶᠢᠨ ᠦᠤᠰᠢᠨ ᠬᠤᠰᠢᠭᠤᠨ ᠤ ᠭᠠᠯᠠᠭᠤᠳᠤ ᠰᠤᠮᠤᠨ ᠳᠤ ᠲᠦᠷᠦᠵᠡᠢ᠃ ᠤᠳᠤ | ᠦᠤᠰᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠠᠯᠪᠠᠨ ᠬᠡᠷ ᠲᠤ ᠠᠵᠢᠯ ᠤᠨ ᠠᠯᠪᠠ ᠲᠠᠢ᠃ 1996 ᠤᠨ ᠠᠴᠠ ᠡᠬᠢᠯᠡᠨ | ᠤᠷᠤᠯᠳᠤᠯᠭ᠎ᠠ ᠲᠠᠢ ᠪᠠᠷ ᠵᠤᠬᠢᠶᠠᠨ ᠪᠦᠲᠦᠬᠡᠯᠬᠡ ᠲᠠᠢ ᠤᠶᠢᠷᠠᠳᠪᠠ᠃ ︽ᠰᠠᠷ᠎ᠠ ᠬᠦᠯᠢᠶᠡᠭᠰᠡᠨ ᠬᠠᠷᠠᠩᠭᠤᠢ︾᠂ ︽ᠴᠠᠷᠬᠢ ᠰᠢᠪᠠᠭᠤ︾᠂ ︽ᠬᠦᠩᠬᠦᠷ ᠠᠯᠠᠭ | ᠰᠢᠪᠠᠭᠤ︾᠂ ︽ᠰᠡᠩᠰᠡᠨ ᠮᠠᠨᠠᠨ︾᠂ ︽ᠬᠠᠭᠠᠨ ᠰᠢᠪᠠᠭᠤ︾᠂ ︽ᠬᠠᠳᠤᠨ ᠰᠢᠪᠠᠭᠤ︾᠂ ︽ᠦᠵᠦᠮ ᠤᠨ ᠰᠠᠷᠬᠤᠳ ᠲᠠᠢ ᠰᠦᠨᠢ︾᠂ ︽ᠨ᠊᠂ ᠪᠢᠷ ᠤᠨ | ᠰᠢᠯᠦᠭ ᠤᠨ ᠲᠡᠬᠦᠪᠦᠷᠢ︾᠂ ︽ᠶᠡᠭᠡ ᠭᠤᠳᠤᠯ︾ ᠵᠡᠷᠬᠡ ᠭᠤᠤᠯ ᠪᠤᠯᠬᠤ ᠰᠢᠯᠦᠭ ᠤᠨ ᠲᠡᠬᠦᠪᠦᠷᠢ᠂ ᠵᠦᠴᠦᠬᠡ ᠶᠢᠨ ᠵᠤᠬᠢᠶᠠᠯ ᠲᠠᠢ ᠪᠠᠶᠢᠳᠠᠭ᠃ | | | | ᠪ᠊᠂ ᠦᠵᠦᠮ᠎ᠡ ᠂ 1985 ᠤᠨ ᠳᠤ ᠦᠪᠦᠷ ᠮᠣᠩᠭᠤᠯ ᠤᠨ ᠤᠯᠠᠭᠠᠨᠴᠠᠪ ᠬᠤᠳᠠ ᠶᠢᠨ ᠲᠦᠷᠪᠡᠳ ᠬᠤᠰᠢᠭᠤᠨ ᠳᠤ ᠲᠦᠷᠦᠪᠡ᠃ 2010 ᠤᠨ ᠳᠤ | ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠰᠤᠳᠤᠯᠤᠯ ᠤᠨ ᠲᠡᠭᠡᠳᠤ ᠰᠤᠷᠭᠠᠭᠤᠯᠢ ᠠᠴᠠ ᠲᠡᠬᠦᠰᠴᠡᠢ᠃ 2013 ᠤᠨ ᠳᠤ ᠲᠡᠷᠡᠪᠡᠷ ︽ | ᠦᠵᠦᠮ ᠤᠨ ᠰᠠᠷᠬᠤᠳ ᠲᠠᠢ ᠰᠦᠨᠢ︾ ᠠᠩᠬᠠᠨ ᠤ ᠰᠢᠯᠦᠭ ᠤᠨ ᠲᠡᠬᠦᠪᠦᠷᠢ ᠪᠠᠨ ᠬᠡᠪᠯᠡᠬᠦᠯᠵᠡᠢ᠃ ︽ᠮᠢᠨᠦ ᠦᠩᠬᠡ︾ ᠪᠤᠯ ᠲᠡᠬᠦᠨ ᠤ ᠬᠤᠶᠠᠳᠡᠬᠢ | ᠰᠢᠯᠦᠭ ᠤᠨ ᠲᠡᠬᠦᠪᠦᠷᠢ ᠪᠤᠯᠤᠨ᠎ᠠ᠃ ᠲᠤᠰ ᠰᠢᠯᠦᠭ ᠤᠨ ᠲᠡᠬᠦᠪᠦᠷᠢ ᠨᠢ ᠮᠦᠨ ᠮᠣᠩᠭᠤᠯ ᠤᠯᠤᠰ ᠲᠤ ᠺᠢᠷᠢᠯ ᠪᠢᠴᠢᠭ ᠢᠶᠠᠷ ᠬᠡᠪᠯᠡᠬᠦᠯᠦᠨ ᠲᠠᠷᠬᠠᠭᠠᠭᠳᠠᠪᠠ᠃ |