ᠰᠢᠨᠬᠤᠸᠠ ᠮᠣᠩᠭᠤᠯ ᠨᠧᠲ ᠬᠦᠬᠡᠬᠤᠳᠠ ᠶᠢᠨ 4 ᠰᠠᠷ᠎ᠠ ᠶᠢᠨ 29 ᠤ ᠡᠳᠤᠷ ᠤᠨ ᠴᠠᠬᠢᠯᠭᠠᠨ ᠮᠡᠳᠡᠭᠡ ︵ᠪᠠᠢ | ᠯᠢᠩ ᠳ᠋ᠢ︶ ᠤᠶᠤᠨ ᠤ ᠲᠠᠯᠬ᠎ᠠ ᠪᠠᠷ ᠢᠶᠠᠨ ᠤᠶᠤᠨ ᠲᠡᠯᠡᠬᠡᠢ ᠶᠢ ᠪᠠᠶᠠᠯᠢᠭᠵᠢᠭᠤᠯᠵᠤ ᠶᠠᠪᠤᠭ᠎ᠠ ᠵᠠᠯᠠᠭᠤ ᠤᠷᠠᠨ | ᠵᠤᠬᠢᠶᠠᠯᠴᠢ ᠨ᠊᠂ ᠪᠢᠷ᠂ ᠪ᠊᠂ ᠦᠵᠦᠮ᠎ᠡ ᠶᠢᠨ ︽ᠨᠢᠬᠡᠨ ᠭᠤᠤᠯ︾ ︽ᠮᠢᠨᠦ ᠦᠩᠬᠡ︾ ᠰᠢᠯᠦᠭ ᠤᠨ ᠲᠡᠬᠦᠪᠦᠷᠢ ᠶᠢ | ᠲᠠᠷᠬᠠᠭᠠᠬᠤ ᠠᠵᠢᠯᠯᠠᠭ᠎ᠠ ᠵᠢᠴᠢ ᠴᠢᠯᠦᠬᠡᠳᠤ ᠶᠠᠷᠢᠯᠴᠠᠯᠭ᠎ᠠ 4 ᠰᠠᠷ᠎ᠠ ᠶᠢᠨ 27 ᠤ ᠡᠳᠤᠷ ᠬᠦᠬᠡᠬᠤᠳᠠ ᠳᠤ ᠵᠤᠬᠢᠶᠠᠨ | ᠪᠠᠶᠢᠭᠤᠯᠤᠭᠳᠠᠪᠠ᠃ | ᠴᠢᠯᠦᠬᠡᠳᠤ ᠶᠠᠷᠢᠯᠴᠠᠯᠭ᠎ᠠ ᠶᠢᠨ ᠦᠶ᠎ᠡ ᠪᠠᠷ ᠠᠬᠠᠮᠠᠡᠳ ᠰᠢᠯᠦᠭᠴᠢ ᠯ᠊᠂ ᠤᠳᠽᠠᠷ᠂ ᠵᠤᠬᠢᠶᠠᠯᠴᠢ ᠪᠦᠷᠢᠨᠳᠡᠬᠦᠰ | ᠂ ᠰᠢᠬᠦᠮᠵᠢᠯᠡᠭᠴᠢ ᠰᠦᠶᠦᠭᠡ᠂ ᠴ᠊᠂ ᠵᠢᠷᠭᠠᠯ ᠨᠠᠷ ᠲᠤᠰ ᠬᠤᠶᠠᠷ ᠰᠢᠯᠦᠭ ᠤᠨ ᠲᠡᠬᠦᠪᠦᠷᠢ ᠶᠢᠨ ᠲᠤᠭᠤᠷᠢᠨ ᠳᠤ | ᠤᠷᠠᠨ ᠵᠤᠬᠢᠶᠠᠯ ᠤᠨ ᠬᠡᠪ ᠨᠠᠮᠪᠠᠭ᠎ᠠ᠂ ᠤᠷᠠᠨ ᠨᠠᠶᠢᠷᠠᠭᠤᠯᠭ᠎ᠠ᠂ ᠠᠷᠭ᠎ᠠ ᠬᠡᠯᠪᠡᠷᠢ ᠶᠢ ᠨᠢ ᠵᠠᠳᠠᠯᠤᠨ ᠰᠢᠨᠵᠢᠯᠡᠭᠰᠡᠨ ᠤ | ᠬᠠᠮᠳᠤ ᠵᠠᠯᠠᠭᠤ ᠦᠶ᠎ᠡ ᠶᠢᠨ ᠤᠷᠠᠨ ᠵᠤᠬᠢᠶᠠᠯᠴᠢᠳ ᠲᠤ ᠪᠠᠨ ᠤᠷᠠᠨ ᠪᠦᠲᠦᠬᠡᠯᠬᠡ ᠶᠢᠨ ᠲᠠᠯ᠎ᠠ ᠪᠠᠷ ᠰᠠᠨᠠᠯ ᠵᠦᠪᠯᠡᠯᠬᠡ | ᠦᠭᠬᠦᠭᠰᠡᠨ ᠪᠠᠶᠢᠨ᠎ᠠ᠃ | ᠨ᠊᠂ ᠪᠢᠷ ᠤᠨ ᠰᠡᠳᠬᠢᠯᠬᠡᠨ ᠤ ︵ᠵᠠᠳᠠᠭᠠᠢ︶ ᠪᠤᠷᠤ ᠵᠢᠷᠤᠭ ᠤᠨ ᠲᠡᠬᠦᠪᠦᠷᠢ ᠪᠤᠯᠬᠤ ︽ᠨᠢᠬᠡᠨ ᠭᠤᠤᠯ︾ | ᠰᠢᠯᠦᠭ ᠤᠨ ᠲᠡᠬᠦᠪᠦᠷᠢ ᠶᠢ 2018 ᠤᠨ ᠤ 11 ᠰᠠᠷ᠎ᠠ ᠳᠤ ᠦᠨᠳᠤᠰᠦᠳᠡᠨ ᠤ ᠬᠡᠪᠯᠡᠯ ᠤᠨ ᠬᠤᠷᠢᠶᠠᠨ ᠠᠴᠠ | ᠬᠡᠪᠯᠡᠬᠦᠯᠪᠡ᠃ ᠪᠦᠰᠡᠬᠦᠢ ᠨᠠᠶᠢᠷᠠᠭᠴᠢᠳ ᠤᠨ ᠰᠡᠳᠬᠢᠯ ᠤᠨ ᠦᠩᠬᠡ ᠶᠢᠨ ᠲᠤᠬᠠᠢ ᠲᠡᠮᠳᠡᠭᠯᠡᠯ ᠪᠤᠯᠬᠤ ᠪ᠊᠂ | ᠦᠵᠦᠮ᠎ᠡ ᠶᠢᠨ ︽ᠮᠢᠨᠦ ᠦᠩᠬᠡ︾ ᠰᠢᠯᠦᠭ ᠤᠨ ᠲᠡᠬᠦᠪᠦᠷᠢ 2019 ᠤᠨ ᠤ 1 ᠰᠠᠷ᠎ᠠ ᠳᠤ ᠦᠪᠦᠷ ᠮᠣᠩᠭᠤᠯ ᠤᠨ | ᠰᠤᠶᠤᠯ ᠲᠠᠭᠤ ᠬᠦᠭᠵᠢᠮ ᠲᠦᠷᠰᠦ ᠰᠢᠩᠬᠡᠬᠡᠯᠳᠡ ᠶᠢᠨ ᠬᠡᠪᠯᠡᠯ ᠤᠨ ᠬᠤᠷᠢᠶᠠᠨ ᠠᠴᠠ ᠬᠡᠪᠯᠡᠭᠳᠡᠵᠡᠢ᠃ | | | | ᠨ᠊᠂ ᠪᠢᠷ᠂ 1984 ᠤᠨ ᠳᠤ ᠦᠪᠦᠷ ᠮᠣᠩᠭᠤᠯ ᠤᠨ ᠤᠷᠳᠤᠰ ᠬᠤᠳᠠ ᠶᠢᠨ ᠦᠤᠰᠢᠨ ᠬᠤᠰᠢᠭᠤᠨ ᠤ | ᠭᠠᠯᠠᠭᠤᠳᠤ ᠰᠤᠮᠤᠨ ᠳᠤ ᠲᠦᠷᠦᠵᠡᠢ᠃ ᠤᠳᠤ ᠦᠤᠰᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ | ᠬᠤᠯᠪᠤᠭ᠎ᠠ ᠶᠢᠨ ᠠᠯᠪᠠᠨ ᠬᠡᠷ ᠲᠤ ᠠᠵᠢᠯ ᠤᠨ ᠠᠯᠪᠠ ᠲᠠᠢ᠃ 1996 ᠤᠨ ᠠᠴᠠ ᠡᠬᠢᠯᠡᠨ ᠤᠷᠤᠯᠳᠤᠯᠭ᠎ᠠ ᠲᠠᠢ ᠪᠠᠷ | ᠵᠤᠬᠢᠶᠠᠨ ᠪᠦᠲᠦᠬᠡᠯᠬᠡ ᠲᠠᠢ ᠤᠶᠢᠷᠠᠳᠪᠠ᠃ ︽ᠰᠠᠷ᠎ᠠ ᠬᠦᠯᠢᠶᠡᠭᠰᠡᠨ ᠬᠠᠷᠠᠩᠭᠤᠢ︾᠂ ︽ᠴᠠᠷᠬᠢ ᠰᠢᠪᠠᠭᠤ︾᠂ ︽ | ᠬᠦᠩᠬᠦᠷ ᠠᠯᠠᠭ ᠰᠢᠪᠠᠭᠤ︾᠂ ︽ᠰᠡᠩᠰᠡᠨ ᠮᠠᠨᠠᠨ︾᠂ ︽ᠬᠠᠭᠠᠨ ᠰᠢᠪᠠᠭᠤ︾᠂ ︽ᠬᠠᠳᠤᠨ ᠰᠢᠪᠠᠭᠤ︾᠂ ︽ | ᠦᠵᠦᠮ ᠤᠨ ᠰᠠᠷᠬᠤᠳ ᠲᠠᠢ ᠰᠦᠨᠢ︾᠂ ︽ᠨ᠊᠂ ᠪᠢᠷ ᠤᠨ ᠰᠢᠯᠦᠭ ᠤᠨ ᠲᠡᠬᠦᠪᠦᠷᠢ︾᠂ ︽ᠶᠡᠭᠡ ᠭᠤᠳᠤᠯ︾ | ᠵᠡᠷᠬᠡ ᠭᠤᠤᠯ ᠪᠤᠯᠬᠤ ᠰᠢᠯᠦᠭ ᠤᠨ ᠲᠡᠬᠦᠪᠦᠷᠢ᠂ ᠵᠦᠴᠦᠬᠡ ᠶᠢᠨ ᠵᠤᠬᠢᠶᠠᠯ ᠲᠠᠢ ᠪᠠᠶᠢᠳᠠᠭ᠃ | | | | ᠪ᠊᠂ ᠦᠵᠦᠮ᠎ᠡ ᠂ 1985 ᠤᠨ ᠳᠤ ᠦᠪᠦᠷ ᠮᠣᠩᠭᠤᠯ ᠤᠨ ᠤᠯᠠᠭᠠᠨᠴᠠᠪ ᠬᠤᠳᠠ ᠶᠢᠨ ᠲᠦᠷᠪᠡᠳ | ᠬᠤᠰᠢᠭᠤᠨ ᠳᠤ ᠲᠦᠷᠦᠪᠡ᠃ 2010 ᠤᠨ ᠳᠤ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ | ᠰᠤᠳᠤᠯᠤᠯ ᠤᠨ ᠲᠡᠭᠡᠳᠤ ᠰᠤᠷᠭᠠᠭᠤᠯᠢ ᠠᠴᠠ ᠲᠡᠬᠦᠰᠴᠡᠢ᠃ 2013 ᠤᠨ ᠳᠤ ᠲᠡᠷᠡᠪᠡᠷ ︽ᠦᠵᠦᠮ ᠤᠨ | ᠰᠠᠷᠬᠤᠳ ᠲᠠᠢ ᠰᠦᠨᠢ︾ ᠠᠩᠬᠠᠨ ᠤ ᠰᠢᠯᠦᠭ ᠤᠨ ᠲᠡᠬᠦᠪᠦᠷᠢ ᠪᠠᠨ ᠬᠡᠪᠯᠡᠬᠦᠯᠵᠡᠢ᠃ ︽ᠮᠢᠨᠦ ᠦᠩᠬᠡ︾ ᠪᠤᠯ | ᠲᠡᠬᠦᠨ ᠤ ᠬᠤᠶᠠᠳᠡᠬᠢ ᠰᠢᠯᠦᠭ ᠤᠨ ᠲᠡᠬᠦᠪᠦᠷᠢ ᠪᠤᠯᠤᠨ᠎ᠠ᠃ ᠲᠤᠰ ᠰᠢᠯᠦᠭ ᠤᠨ ᠲᠡᠬᠦᠪᠦᠷᠢ ᠨᠢ ᠮᠦᠨ ᠮᠣᠩᠭᠤᠯ | ᠤᠯᠤᠰ ᠲᠤ ᠺᠢᠷᠢᠯ ᠪᠢᠴᠢᠭ ᠢᠶᠠᠷ ᠬᠡᠪᠯᠡᠬᠦᠯᠦᠨ ᠲᠠᠷᠬᠠᠭᠠᠭᠳᠠᠪᠠ᠃ |