ᠰᠤᠷᠪᠤᠯᠵᠢᠯᠠᠬᠴᠢ ᠦᠴᠦᠭᠡᠳᠦᠷ ᠬᠦᠬᠡᠬᠤᠲᠠ ᠲᠡᠮᠦᠷ ᠵᠠᠮ ᠤᠨ ᠲᠤᠪᠴᠢᠶᠠᠨ ᠠᠴᠠ ᠤᠶᠢᠯᠠᠭᠠᠬᠰᠠᠨ ᠢᠶᠠᠷ᠂ | ᠵᠤᠷᠴᠢᠬᠴᠢᠳ ᠤᠨ ᠱᠠᠭᠠᠷᠳᠠᠯᠭ᠎ᠠ ᠳᠤ ᠵᠤᠬᠢᠴᠠᠭᠤᠯᠤᠨ 4 ᠰᠠᠷ᠎ᠠ ᠶᠢᠨ 30 ᠠᠴᠠ 5 ᠰᠠᠷ᠎ᠠ ᠶᠢᠨ 5 ᠤ ᠡᠳᠦᠷ | ᠬᠦᠷᠲᠡᠯ᠎ᠡ ᠲᠦᠷ ᠴᠠᠬ ᠭᠠᠯᠲᠤ ᠲᠡᠷᠭᠡ ᠨᠡᠮᠡᠵᠦ ᠲᠤᠬᠢᠷᠠᠭᠤᠯᠬᠤ ᠪᠠᠷ ᠪᠤᠢ᠃ | ᠤᠶᠢᠯᠠᠭᠠᠬᠰᠠᠨ ᠢᠶᠠᠷ᠂ ᠬᠦᠬᠡᠬᠤᠲᠠ ᠠᠴᠠ ᠵᠢᠨᠢᠩ ᠤᠨ ᠡᠮᠦᠨ᠎ᠡ ᠦᠷᠲᠡᠭᠡ ᠬᠦᠷᠬᠦ K7924 ᠡᠭᠡᠯᠵᠢ ᠶᠢᠨ | ᠭᠠᠯᠲᠤ ᠲᠡᠷᠭᠡ ᠶᠢ ᠨᠡᠮᠡᠵᠦ᠂ 14᠄ 20 ᠴᠠᠬ ᠲᠤ ᠬᠦᠬᠡᠬᠤᠲᠠ ᠠᠴᠠ ᠮᠤᠷᠳᠠᠵᠦ 15᠄ 54 ᠴᠠᠬ ᠲᠤ | ᠵᠢᠨᠢᠩ ᠤᠨ ᠡᠮᠦᠨ᠎ᠡ ᠦᠷᠲᠡᠭᠡᠨ ᠳᠤ ᠬᠦᠷᠦᠨ᠎ᠡ︔ ᠵᠢᠨᠢᠩ ᠤᠨ ᠡᠮᠦᠨ᠎ᠡ ᠦᠷᠲᠡᠭᠡ ᠠᠴᠠ ᠬᠦᠬᠡᠬᠤᠲᠠ ᠬᠦᠷᠬᠦ | K7923 ᠡᠭᠡᠯᠵᠢ ᠶᠢᠨ ᠭᠠᠯᠲᠤ ᠲᠡᠷᠭᠡ ᠶᠢ ᠨᠡᠮᠡᠵᠦ᠂ 16᠄ 34 ᠴᠠᠬ ᠲᠤ ᠵᠢᠨᠢᠩ ᠤᠨ ᠡᠮᠦᠨ᠎ᠡ ᠦᠷᠲᠡᠭᠡ ᠠᠴᠠ | ᠮᠤᠷᠳᠠᠵᠦ᠂ 18᠄ 15 ᠴᠠᠬ ᠲᠤ ᠬᠦᠬᠡᠬᠤᠲᠠ ᠬᠦᠷᠦᠨ᠎ᠡ᠃ ᠪᠠᠰᠠ ᠬᠦᠬᠡᠬᠤᠲᠠ ᠠᠴᠠ ᠯᠢᠨ ᠾᠤ᠋ ᠬᠦᠷᠬᠦ | K7925 ᠡᠭᠡᠯᠵᠢ ᠶᠢᠨ ᠭᠠᠯᠲᠤ ᠲᠡᠷᠭᠡ ᠨᠡᠮᠡᠨ ᠲᠤᠬᠢᠷᠠᠭᠤᠯᠵᠦ᠂ 13᠄ 21 ᠴᠠᠬ ᠲᠤ ᠬᠦᠬᠡᠬᠤᠲᠠ ᠠᠴᠠ | ᠮᠤᠷᠳᠠᠵᠦ᠂ 17᠄ 29 ᠴᠠᠬ ᠲᠤ ᠯᠢᠨ ᠾᠤ᠋ ᠦᠷᠲᠡᠭᠡ ᠬᠦᠷᠦᠨ᠎ᠡ︔ ᠯᠢᠨ ᠾᠤ᠋ ᠠᠴᠠ ᠬᠦᠬᠡᠬᠤᠲᠠ ᠬᠦᠷᠬᠦ | K7926 ᠡᠭᠡᠯᠵᠢ ᠶᠢᠨ ᠭᠠᠯᠲᠤ ᠲᠡᠷᠭᠡ ᠨᠡᠮᠡᠨ ᠲᠤᠬᠢᠷᠠᠭᠤᠯᠵᠦ᠂ 18᠄ 26 ᠴᠠᠬ ᠲᠤ ᠯᠢᠨ ᠾᠤ᠋ | ᠦᠷᠲᠡᠭᠡ ᠠᠴᠠ ᠮᠤᠷᠳᠠᠨ 22᠄ 37 ᠴᠠᠬ ᠲᠤ ᠬᠦᠬᠡᠬᠤᠲᠠ ᠦᠷᠲᠡᠭᠡ ᠬᠦᠷᠦᠨ᠎ᠡ᠃ ᠬᠡᠷᠪᠡ ᠶᠠᠮᠠᠷᠪᠠ | ᠬᠤᠪᠢᠷᠠᠯᠲᠠ ᠲᠠᠢ ᠪᠤᠯ ᠲᠡᠮᠦᠷ ᠵᠠᠮ ᠤᠨ ᠦᠷᠲᠡᠭᠡᠨ ᠤ ᠲᠤᠬᠠᠢ ᠶᠢᠨ ᠡᠳᠦᠷ ᠤᠨ ᠨᠡᠶᠢᠲᠡᠯᠡᠭᠰᠡᠨ ᠵᠠᠷᠯᠠᠯ ᠢᠶᠠᠷ | ᠪᠠᠷᠢᠮᠵᠢᠶ᠎ᠠ ᠪᠤᠯᠭᠠᠨ᠎ᠠ᠃ ᠳᠡᠯᠭᠡᠷᠡᠩᠭᠦᠢ ᠠᠭᠤᠯᠭ᠎ᠠ ᠶᠢ www.12306.cn ᠳᠤ ᠬᠤᠯᠪᠤᠨ ᠯᠠᠪᠯᠠᠭᠠᠷᠠᠢ᠃ |