ᠦᠪᠦᠷ ᠮᠣᠩᠭᠤᠯ ᠠᠴᠠ ᠲᠦᠪᠡᠳ ᠬᠦᠷᠬᠦ ᠠᠩᠬᠠᠨ ᠤ ᠰᠢᠭᠤᠳ ᠨᠢᠰᠦᠯᠬᠡ ᠶᠢ ᠪᠡᠶᠡᠯᠡᠬᠦᠯᠪᠡ
ᠨᠡᠶᠢᠲᠡᠯᠡᠭᠰᠡᠨ ᠴᠠᠭ᠄
2019-04-16
      ᠰᠢᠨᠬᠤᠸᠠ ᠬᠤᠷᠢᠶ᠎ᠠ ᠬᠦᠬᠡᠬᠤᠳᠠ ᠶᠢᠨ 4 ᠰᠠᠷ᠎ᠠ ᠶᠢᠨ 15 ᠤ ᠡᠳᠤᠷ ᠤᠨ ᠴᠠᠬᠢᠯᠭᠠᠨ ᠮᠡᠳᠡᠭᠡ ︵ᠰᠤᠷᠪᠤᠯᠵᠢᠯᠠᠭᠴᠢ ᠢᠤᠢ ᠵᠢᠶᠠ︶ 15 ᠤ ᠦᠳᠡ ᠠᠴᠠ ᠡᠮᠦᠨ᠎ᠡ᠂ ᠳ᠋ᠦ᠋ᠩ ᠹᠠᠩ ᠠᠭᠠᠷ ᠠᠶᠠᠯᠠᠯ ᠤᠨ ᠺᠤᠮᠫᠠᠨᠢ ᠶᠢᠨ ᠨᠢᠰᠦᠯᠬᠡ ᠬᠦᠢᠴᠡᠳᠭᠡᠭᠰᠡᠨ A320 ᠵᠠᠭᠪᠤᠷ ᠤᠨ ᠠᠶᠠᠨᠴᠢᠨ ᠤ ᠨᠢᠰᠬᠦ ᠣᠩᠭᠤᠴᠠ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠬᠦᠬᠡᠬᠤᠳᠠ ᠶᠢᠨ ᠴᠠᠭᠠᠨ ᠰᠤᠪᠤᠷᠭ᠎ᠠ ᠨᠢᠰᠬᠦ ᠣᠩᠭᠤᠴᠠᠨ ᠤ ᠪᠠᠭᠤᠳᠠᠯ ᠠᠴᠠ ᠲᠦᠪᠡᠳ ᠤᠨ ᡀᠠᠰᠠ ᠬᠤᠳᠠ ᠶᠢᠨ ᠺᠣᠩᠬᠠᠷ ᠨᠢᠰᠬᠦ ᠣᠩᠭᠤᠴᠠᠨ ᠤ ᠪᠠᠭᠤᠳᠠᠯ ᠤᠷᠤᠭᠤ ᠨᠢᠰᠪᠡ᠃ ᠡᠨᠡᠬᠦ ᠠᠶᠠᠯᠠᠯ ᠤᠨ ᠱᠤᠭᠤᠮ ᠨᠢ ᠦᠪᠦᠷ ᠮᠣᠩᠭᠤᠯ ᠪᠤᠯᠤᠨ ᠲᠦᠪᠳ ᠤᠨ ᠬᠤᠭᠤᠷᠤᠨᠳᠤ ᠨᠡᠪᠳᠡᠷᠡᠭᠰᠡᠨ ᠠᠩᠬᠠᠨ ᠤ ᠰᠢᠭᠤᠳ ᠨᠢᠰᠦᠯᠬᠡ ᠶᠢᠨ ᠱᠤᠭᠤᠮ ᠪᠤᠯᠬᠤ ᠪᠦᠬᠡᠳ ᠦᠪᠦᠷ ᠮᠣᠩᠭᠤᠯ ︽ᠮᠤᠵᠢ ᠶᠢᠨ ᠲᠦᠪ ᠤᠨ ᠬᠤᠭᠤᠷᠳᠳᠤ ᠨᠡᠪᠳᠡᠷᠡᠬᠦ︾ ᠠᠭᠠᠷ ᠠᠶᠠᠯᠠᠯ ᠤᠨ ᠱᠤᠭᠤᠮ ᠢ ᠪᠦᠬᠦ ᠲᠠᠯ᠎ᠠ ᠪᠠᠷ ᠪᠦᠷᠬᠦᠭᠰᠡᠨ ᠢ ᠦᠨᠳᠤᠰᠦᠨ ᠳᠤ ᠪᠠᠨ ᠪᠡᠶᠡᠯᠡᠬᠦᠯᠦᠭᠰᠡᠨ ᠢ ᠬᠠᠷᠠᠭᠤᠯᠵᠤ ᠪᠠᠶᠢᠨ᠎ᠠ᠃      ᠬᠦᠬᠡᠬᠤᠳᠠ ᠶᠢᠨ ᠴᠠᠭᠠᠨ ᠰᠤᠪᠤᠷᠭ᠎ᠠ ᠨᠢᠰᠬᠦ ᠣᠩᠭᠤᠴᠠᠨ ᠤ ᠪᠠᠭᠤᠳᠠᠯ ᠤᠨ ᠠᠵᠢᠯᠳᠠᠨ ᠤ ᠲᠠᠨᠢᠯᠴᠠᠭᠤᠯᠤᠭᠰᠠᠨ ᠢᠶᠠᠷ᠂ ᠲᠤᠰ ᠠᠶᠠᠯᠠᠯ ᠤᠨ ᠱᠤᠭᠤᠮ ᠤᠨ ᠨᠢᠰᠬᠦ ᠣᠩᠭᠤᠴᠠ ᠨᠢ 120 ᠰᠠᠭᠤᠳᠠᠯ ᠲᠠᠢ᠂ ᠡᠳᠤᠷ ᠲᠤ ᠨᠢᠬᠡ ᠤᠳᠠᠭ᠎ᠠ ᠨᠢᠰᠦᠨ᠎ᠡ᠂ ᠠᠶᠠᠯᠠᠯ ᠤᠨ ᠳ᠋ᠤᠭᠠᠷ ᠨᠢ MU2355/56᠂ ᠨᠢᠰᠦᠯᠬᠡ ᠶᠢ ᠳ᠋ᠦ᠋ᠩ ᠹᠠᠩ ᠠᠭᠠᠷ ᠠᠶᠠᠯᠠᠯ ᠤᠨ ᠺᠤᠮᠫᠠᠨᠢ ᠬᠦᠢᠴᠡᠳᠬᠡᠵᠤ ᠪᠤᠢ᠃ ᠠᠶᠠᠯᠠᠯ ᠤᠨ ᠴᠠᠭ ᠨᠢ 7᠄ 45 ᠴᠠᠭ ᠤᠨ ᠦᠶ᠎ᠡ ᠪᠠᠷ ᠬᠦᠬᠡᠬᠤᠳᠠ ᠠᠴᠠ ᠨᠢᠰᠴᠦ᠂ 14᠄ 40 ᠴᠠᠭ ᠲᠤ ᡀᠠᠰᠠ ᠳᠤ ᠭᠠᠵᠠᠷᠳᠠᠨ᠎ᠠ᠃ ᠲᠠᠬᠢᠨ 15᠄ 30 ᠴᠠᠭ ᠤᠨ ᠦᠶ᠎ᠡ ᠪᠠᠷ ᡀᠠᠰᠠ ᠠᠴᠠ ᠨᠢᠰᠴᠤ᠂ 22᠄ 15 ᠴᠠᠭ ᠤᠨ ᠦᠶ᠎ᠡ ᠪᠠᠷ ᠬᠦᠬᠡᠬᠤᠳᠠ ᠳᠤ ᠭᠠᠵᠠᠷᠳᠠᠨ᠎ᠠ᠂ ᠠᠶᠠᠯᠠᠯ ᠤᠨ ᠲᠤᠮᠳᠠ ᠪᠠᠨ ᠰᠢ ᠠᠨ ᠤ ᠰᠢᠶᠠᠨ ᠶᠠᠩ ᠤᠯᠠᠨ ᠤᠯᠤᠰ ᠤᠨ ᠨᠢᠰᠬᠦ ᠣᠩᠭᠤᠴᠠᠨ ᠤ ᠪᠠᠭᠤᠳᠠᠯ ᠢᠶᠠᠷ ᠦᠩᠬᠡᠷᠡᠨ᠎ᠡ᠃      ᠬᠦᠬᠡᠬᠤᠳᠠ ᠶᠢᠨ ᠨᠢᠰᠬᠦ ᠣᠩᠭᠤᠴᠠᠨ ᠤ ᠪᠠᠭᠤᠳᠠᠯ ᠤᠨ ᠠᠵᠢᠯᠳᠠᠨ᠂ ᠤᠤᠯ ᠨᠢ ᠦᠪᠦᠷ ᠮᠣᠩᠭᠤᠯ ᠠᠴᠠ ᡀᠠᠰᠠ ᠬᠦᠷᠬᠦ ᠳᠤ ᠰᠢ ᠠᠨ᠂ ᠯᠠᠨᠵᠧᠤ᠂ ᠴᠧᠩᠳᠦ᠋ ᠵᠡᠷᠬᠡ ᠭᠠᠵᠠᠷ ᠢᠶᠠᠷ ᠨᠢᠰᠬᠦ ᠣᠩᠭᠤᠴᠠ ᠰᠡᠯᠬᠦᠬᠡᠳ ᠬᠦᠷᠳᠡᠭ ᠪᠠᠶᠢᠭᠰᠠᠨ᠂ ᠠᠶᠠᠨᠴᠢᠳ ᠲᠤ ᠠᠪᠴᠤ ᠬᠡᠯᠡᠪᠡᠯ ᠲᠦᠬᠦᠮ ᠦᠭᠡᠢ᠃ ᠬᠠᠷᠢᠨ ᠡᠨᠡᠬᠦ ᠠᠶᠠᠯᠠᠯ ᠤᠨ ᠱᠤᠭᠤᠮ ᠨᠡᠪᠳᠡᠷᠡᠭᠰᠡᠨ ᠨᠢ ᠦᠪᠦᠷ ᠮᠣᠩᠭᠤᠯ ᠠᠴᠠ ᠲᠦᠪᠡᠳ ᠬᠦᠷᠬᠦ ᠴᠠᠭ ᠢ ᠶᠡᠭᠡ ᠪᠠᠷ ᠪᠤᠭᠤᠨᠢᠰᠬᠠᠪᠠ᠃ ᠮᠦᠨ ᠬᠤᠶᠠᠷ ᠭᠠᠵᠠᠷ ᠤᠨ ᠡᠳ᠋ ᠤᠨ ᠵᠠᠰᠠᠭ ᠰᠤᠶᠤᠯ ᠤᠨ ᠰᠤᠯᠢᠯᠴᠠᠭ᠎ᠠ ᠶᠢ ᠠᠬᠢᠭᠤᠯᠬᠤ ᠪᠦᠬᠡᠳ ᠦᠪᠦᠷ ᠮᠣᠩᠭᠤᠯ ᠤᠨ ᠨᠡᠬᠡᠬᠡᠯᠳᠡ ᠲᠠᠢ ᠬᠦᠭᠵᠢᠬᠦ ᠳᠤ ᠴᠢᠬᠤᠯᠠ ᠠᠴᠢ ᠬᠤᠯᠪᠤᠭᠳᠠᠯ ᠲᠠᠢ ᠬᠡᠵᠤ ᠢᠯᠡᠷᠬᠡᠶᠢᠯᠡᠪᠡ᠃
 
ᠢᠷᠡᠯᠲᠡ᠄ ᠰᠢᠨᠬᠤᠧᠠ ᠮᠣᠩᠭᠤᠯ ᠨᠧᠲ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号