ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠳᠬ᠎ᠠ ᠵᠤᠬᠢᠶᠠᠯ ᠰᠤᠳᠤᠯᠬᠤ ᠭᠠᠵᠠᠷ ᠤᠨ ᠰᠤᠳᠤᠯᠤᠭᠠᠴᠢ᠂ ᠳᠡᠳ᠋ | ᠳᠠᠷᠤᠭ᠎ᠠ ᠱᠤ᠋ ᠯᠢᠨ 2019 ᠤᠨ ᠤ 4 ᠰᠠᠷ᠎ᠠ ᠶᠢᠨ10 ᠤ ᠦᠳᠡ ᠶᠢᠨ ᠡᠮᠦᠨ᠎ᠡ ᠳᠦᠪ ᠤᠨ ᠦᠨᠳᠦᠰᠦᠳᠡᠨ ᠤ ᠶᠡᠭᠡ ᠰᠤᠷᠭᠠᠭᠤᠯᠢ ᠳᠤ ︽ᠮᠤᠩᠭᠤᠯ ᠶᠡᠬᠡᠰ | ᠯᠠᠮᠠ ᠨᠠᠷ ᠤᠨ ᠳᠦᠪᠡᠳ ᠢᠶᠠᠷ ᠳᠤᠭᠤᠷᠪᠢᠭᠰᠠᠨ ᠪᠦᠳᠦᠭᠡᠯ ᠤᠨ ᠳᠤᠬᠠᠢ ᠬᠤᠷᠢᠶᠠᠩᠭᠤᠢ ᠳᠤᠭᠠᠴᠢᠯᠳᠠ︾ ᠭᠡᠬᠦ ᠢᠯᠡᠳᠭᠡᠯ ᠬᠢᠪᠡ᠃ | ᠠᠷᠪᠠᠨ ᠳᠦᠷᠪᠡᠳᠦᠭᠡᠷ ᠵᠠᠭᠤᠨ ᠠᠴᠠ ᠪᠤᠷᠬᠠᠨ ᠤ ᠱᠠᠰᠢᠨ ᠮᠤᠩᠭᠤᠯ ᠤᠷᠤᠨ᠎ᠠ ᠳᠡᠯᠭᠡᠷᠡᠵᠦ ᠡᠬᠢᠯᠡᠭᠰᠡᠨ ᠳᠡᠷᠡ ᠴᠠᠭ ᠠᠴᠠ ᠮᠤᠩᠭᠤᠯ ᠦᠨᠳᠦᠰᠦᠳᠡᠨ ᠤ | ᠵᠠᠷᠢᠮ ᠯᠠᠮᠠ ᠨᠠᠷ ᠳᠦᠪᠡᠳ ᠢᠶᠠᠷ ᠨᠤᠮ ᠵᠤᠬᠢᠶᠠᠯ ᠳᠤᠭᠤᠷᠪᠢᠵᠦ ᠪᠠᠶᠢᠭᠰᠠᠨ ᠶᠤᠮ᠃ ᠭᠯᠦᠭᠪᠠ ᠶᠢᠨ ᠪᠦᠯᠦᠭ ᠤᠨ ᠰᠢᠷ᠎ᠡ ᠶᠢᠨ ᠱᠠᠰᠢᠨ ᠤ ᠨᠦᠯᠦᠭᠡ ᠪᠠᠷ | ᠠᠷᠪᠠᠨ ᠳᠤᠯᠤᠭ᠎ᠠ — ᠠᠷᠪᠠᠨ ᠨᠠᠢᠮᠠᠳᠤᠭᠠᠷ ᠵᠠᠭᠤᠨ ᠤ ᠦᠶ᠎ᠡ ᠳᠤ ᠮᠤᠩᠭᠤᠯ ᠯᠠᠮᠠ ᠨᠠᠷ ᠤᠨ ᠲᠦᠪᠡᠳ ᠢᠶᠠᠷ ᠨᠤᠮ ᠵᠤᠬᠢᠶᠠᠯ ᠳᠤᠭᠤᠷᠪᠢᠬᠤ ᠦᠢᠯᠡ | ᠠᠵᠢᠯᠯᠠᠭ᠎ᠠ ᠤᠷᠬᠢᠯ ᠳᠤ ᠪᠠᠨ ᠬᠦᠷᠦᠭᠰᠡᠨ ᠪᠠᠶᠢᠳᠠᠭ᠃ ᠱᠤ᠋ ᠯᠢᠨ ᠳᠤᠰ ᠢᠯᠡᠳᠭᠡᠯ ᠳᠤ ᠪᠠᠨ ᠮᠤᠩᠭᠤᠯ ᠯᠠᠮᠠ ᠨᠠᠷ ᠤᠨ ᠲᠦᠪᠡᠳ ᠢᠶᠠᠷ ᠪᠢᠴᠢᠭᠰᠡᠨ ᠨᠤᠮ | ᠵᠤᠬᠢᠶᠠᠯ ᠤᠨ ᠶᠡᠷᠦᠩᠭᠡᠢ ᠤᠨᠴᠠᠯᠢᠭ ᠰᠢᠨᠵᠢ᠂ ᠪᠢᠴᠢᠭᠳᠡᠭᠰᠡᠨ ᠠᠭᠤᠯᠭ᠎ᠠ ᠶᠢᠨ ᠳᠠᠯ᠎ᠠ ᠪᠠᠷ ᠬᠤᠷᠢᠶᠠᠩᠭᠤᠶᠢᠯᠠᠨ ᠦᠬᠦᠯᠡᠵᠦ᠂ ᠡᠳᠡᠭᠡᠷ ᠪᠦᠳᠦᠭᠡᠯ ᠤᠳ ᠤᠨ | ᠦᠨ᠎ᠡ ᠴᠠᠨ᠎ᠠ᠂ ᠴᠤᠭᠯᠠᠭᠤᠯᠵᠦ᠂ ᠡᠮᠬᠢᠳᠭᠡᠵᠦ᠂ ᠤᠷᠴᠢᠭᠤᠯᠵᠦ᠂ ᠰᠤᠳᠤᠯᠵᠦ᠂ ᠬᠡᠪᠯᠡᠬᠦᠯᠬᠦ ᠶᠢᠨ ᠴᠢᠬᠤᠯᠠ ᠴᠢᠨᠠᠷ ᠢ ᠶᠠᠷᠢᠵᠠᠢ᠃ | ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠳᠬ᠎ᠠ ᠵᠤᠬᠢᠶᠠᠯ ᠰᠤᠳᠤᠯᠬᠤ ᠭᠠᠵᠠᠷ ᠤᠨ ᠰᠤᠳᠤᠯᠤᠭᠠᠴᠢ᠂ ᠳᠡᠳ᠋ | ᠳᠠᠷᠤᠭ᠎ᠠ ᠱᠤ᠋ ᠯᠢᠨ ᠪᠠᠷ ᠡᠨᠡᠳᠭᠡᠭ ᠳᠦᠪᠡᠳ ᠮᠤᠩᠭᠤᠯ ᠬᠠᠷᠢᠴᠠᠭᠤᠯᠤᠭᠰᠠᠨ ᠰᠢᠯᠦᠭ ᠵᠦᠢ᠂ ᠮᠤᠩᠭᠤᠯ ᠦᠨᠳᠦᠰᠦᠳᠡᠨ ᠤ ᠪᠤᠷᠬᠠᠨ ᠤ ᠱᠠᠰᠢᠨ ᠤ ᠤᠷᠠᠨ | ᠵᠤᠬᠢᠶᠠᠯ ᠬᠢᠭᠡᠳ ᠰᠤᠷᠪᠤᠯᠵᠢ ᠪᠢᠴᠢᠭ᠂ ᠮᠤᠩᠭᠤᠯᠴᠤᠳ ᠤᠨ ᠳᠦᠪᠡᠳ ᠢᠶᠠᠷ ᠳᠤᠭᠤᠷᠪᠢᠭᠰᠠᠨ ᠪᠦᠳᠦᠭᠡᠯ ᠪᠤᠯᠤᠨ ᠮᠤᠩᠭᠤᠯ ᠳᠦᠪᠡᠳ ︽ᠭᠡᠰᠡᠷ︾ ᠤᠨ | ᠬᠦᠷᠢᠶᠡᠨ ᠳᠤ ᠰᠤᠳᠤᠯᠭᠠᠨ ᠬᠢᠵᠦ᠂ ︽ᠮᠤᠩᠭᠤᠯᠴᠤᠳ ᠤᠨ ᠳᠦᠪᠡᠳ ᠬᠡᠯᠡᠨ ᠳᠡᠭᠡᠷᠡᠬᠢ ᠤᠳᠬ᠎ᠠ ᠵᠤᠬᠢᠶᠠᠯ ᠤᠨ ᠤᠨᠤᠯ ᠤᠨ ᠳᠤᠭᠳᠠᠯᠴᠠᠭ᠎ᠠ︾᠂ ︽ | ᠢᠰᠢᠪᠠᠯᠵᠤᠤᠷ︾ ᠵᠡᠷᠭᠡ ᠡᠷᠳᠡᠮ ᠰᠢᠨᠵᠢᠯᠡᠭᠡᠨ ᠤ ᠦᠨ᠎ᠡ ᠦᠷᠳᠡᠭ ᠢᠶᠠᠷ ᠦᠨᠳᠦᠷ ᠳᠤᠷᠪᠢᠯᠢᠭ ᠪᠦᠳᠦᠭᠡᠯ ᠳᠤᠭᠤᠷᠪᠢᠵᠦ᠂ ᠪᠤᠰᠤᠳ ᠲᠠᠢ ᠬᠠᠮᠳᠤᠷᠠᠨ ︽ | ᠬᠦᠩᠭᠠᠵᠠᠯᠰᠠᠨ ᠤ ︿ᠮᠡᠷᠭᠡᠳ ᠤᠷᠤᠬᠤ ᠶᠢᠨ ᠬᠠᠭᠠᠯᠭ᠎ᠠ﹀ ᠬᠢᠭᠡᠳ ᠠᠭᠸᠠᠩᠳᠠᠨᠳᠠᠷ ᠤᠨ ︿ᠰᠠᠶᠢᠨ ᠨᠤᠮᠯᠠᠯ ᠤᠨ ᠨᠠᠷᠠᠨ ᠤ ᠭᠡᠷᠡᠯ﹀ ᠤᠨ ᠬᠠᠷᠢᠴᠠᠭᠤᠯᠤᠭᠰᠠᠨ | ᠰᠤᠳᠤᠯᠤᠯ︾ ᠵᠡᠷᠭᠡ ᠪᠦᠳᠦᠭᠡᠯ ᠬᠡᠪᠯᠡᠬᠦᠯᠵᠡᠢ᠃ ᠱᠤ᠋ ᠯᠢᠨ ᠭᠠᠭᠴᠠ ᠡᠷᠳᠡᠮ ᠰᠢᠨᠵᠢᠯᠡᠭᠡᠨ ᠤ ᠪᠦᠳᠦᠭᠡᠯ ᠤᠷᠤᠯᠳᠤᠵᠦ ᠶᠠᠪᠤᠭᠰᠠᠨ ᠳᠡᠳᠦᠢ ᠦᠭᠡᠢ ᠪᠤ · | ᠰᠢᠭᠤᠢ ᠭᠡᠬᠦ ᠪᠢᠷ ᠤᠨ ᠨᠡᠷ᠎ᠡ ᠪᠠᠷ ᠢᠷᠠᠭᠤ ᠨᠠᠶᠢᠷᠠᠭ ᠤᠨ ᠱᠠᠳ ᠤᠳ ᠢ ᠳᠡᠷᠡᠯᠡᠬᠦᠯᠵᠦ᠂ ︽ᠳᠠᠪᠤᠳᠤᠭᠠᠷ ᠤᠯᠠᠷᠢᠯ︾᠂ ︽ᠬᠠᠷᠠᠮᠰᠠᠯ ᠦᠭᠡᠢ ᠰᠤᠩᠭᠤᠯᠳᠠ︾ | ᠪᠦᠳᠦᠭᠡᠯ ᠢᠶᠠᠷ ᠢᠶᠠᠨ ᠲᠦᠮᠡᠨ ᠤ ᠳᠠᠨᠢᠯ ᠪᠤᠯᠤᠭᠰᠠᠨ ᠤᠷᠠᠨ ᠪᠦᠳᠦᠭᠡᠯᠴᠢ ᠶᠤᠮ᠃ | | |