ᠦᠪᠦᠷ ᠮᠣᠩᠭᠤᠯ ᠰᠡᠳᠬᠢᠴᠡ ᠶᠢᠨ ᠡᠷᠡᠭᠦᠯ ᠮᠡᠨᠳᠦ ᠶᠢᠨ ᠵᠦᠪᠯᠡᠮᠵᠢ ᠦᠭᠬᠦ ᠲᠦᠯᠦᠪᠦᠷᠢ ᠦᠭᠡᠢ ᠦᠢᠯᠡᠴᠢᠯᠡᠭᠡ ᠬᠠᠩᠭᠠᠪᠠ
ᠨᠡᠶᠢᠲᠡᠯᠡᠭᠰᠡᠨ ᠴᠠᠭ᠄
2019-03-06
      ᠤᠶᠢᠷ᠎ᠠ ᠳᠤ᠂ ᠦᠪᠦᠷ ᠮᠤᠩᠭᠤᠯ ᠰᠡᠳᠬᠢᠴᠡ ᠶᠢᠨ ᠡᠷᠡᠭᠦᠯ ᠮᠡᠨᠳᠦ ᠶᠢᠨ ᠵᠦᠪᠯᠡᠮᠵᠢ ᠦᠭᠬᠦ ᠲᠦᠯᠦᠪᠦᠷᠢ ᠦᠭᠡᠢ ᠦᠢᠯᠡᠴᠢᠯᠡᠭᠡ ᠬᠠᠩᠬᠠᠪᠠ᠃ ᠲᠤᠰ ᠦᠢᠯᠡᠴᠢᠯᠡᠭᠡ ᠶᠢ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠤᠨ ᠨᠡᠶᠢᠭᠡᠮᠯᠢᠭ ᠠᠴᠠ ᠭᠤᠤᠯᠯᠠᠨ ᠡᠷᠬᠢᠯᠡᠵᠤ᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠤᠨ ᠤᠷᠳᠤᠨ ᠪᠤᠯᠤᠨ ᠦᠪᠦᠷ ᠮᠤᠩᠭᠤᠯ ᠤᠨ ᠰᠡᠳᠬᠢᠴᠡ ᠶᠢᠨ ᠵᠦᠪᠯᠡᠭᠴᠢ ᠶᠢᠨ ᠨᠡᠶᠢᠭᠡᠮᠯᠢᠭ ᠠᠴᠠ ᠳᠠᠭᠠᠭᠠᠴᠢᠯᠠᠪᠠ᠃      ᠦᠪᠦᠷ ᠮᠤᠩᠭᠤᠯ ᠤᠨ ᠰᠡᠳᠬᠢᠴᠡ ᠶᠢᠨ ᠵᠦᠪᠯᠡᠭᠴᠢ ᠶᠢᠨ ᠨᠡᠶᠢᠭᠡᠮᠯᠢᠭ ᠤᠨ 3 ᠵᠦᠪᠯᠡᠭᠴᠢ ᠠᠴᠠ ᠲᠤᠬᠠᠢ ᠶᠢᠨ ᠳᠠᠯᠠᠪᠤᠷ ᠲᠤ ᠬᠦᠷᠦᠯᠴᠡᠨ ᠢᠷᠡᠭᠰᠡᠨ 12 ᠶᠠᠳᠠᠭᠤ ᠬᠦᠴᠢᠷᠳᠡᠯᠳᠡᠢ ᠬᠤᠳᠠ ᠶᠢᠨ ᠢᠷᠭᠡᠳ ᠲᠤ ᠰᠡᠳᠬᠢᠴᠡ ᠶᠢᠨ ᠵᠦᠪᠯᠡᠮᠵᠢ ᠶᠢᠨ ᠲᠦᠯᠦᠪᠦᠷᠢ ᠦᠭᠡᠢ ᠦᠢᠯᠡᠴᠢᠯᠡᠭᠡ ᠬᠠᠩᠬᠠᠵᠠᠢ᠃ ᠤᠢᠢᠷ᠎ᠠ ᠶᠢᠨ ᠵᠢᠯ ᠤᠳ ᠲᠤ ᠶᠠᠳᠠᠭᠤ ᠶᠢ ᠳᠡᠳᠬᠦᠬᠦ ᠠᠵᠢᠯ ᠶᠡᠭᠡ ᠪᠠᠷ ᠦᠷᠨᠢᠬᠦ ᠶᠢ ᠲᠠᠭᠠᠯᠲᠤᠨ ᠶᠠᠳᠠᠭᠤ ᠬᠦᠴᠢᠷᠳᠡᠯᠳᠡᠢ ᠤᠯᠠᠨ ᠲᠦᠮᠡᠨ ᠠᠯᠭᠤᠷ ᠢᠶᠠᠷ ᠡᠯ᠎ᠡ ᠵᠡᠷᠬᠡᠯᠡᠯ ᠤᠨ ᠵᠠᠰᠠᠭ ᠤᠨ ᠤᠷᠳᠤᠨ ᠤ ᠳᠡᠳᠬᠦᠨ ᠳᠡᠮᠵᠢᠬᠦ ᠬᠦᠷᠢᠶᠡᠨ ᠳᠤ ᠤᠷᠤᠵᠤ᠂ ᠠᠮᠢᠳᠤᠷᠠᠯ ᠤᠨ ᠲᠦᠪᠰᠢᠨ ᠨᠢ ᠨᠡᠯᠢᠶᠡᠳ ᠲᠡᠭᠡᠭᠰᠢᠯᠡᠵᠡᠢ᠂ ᠭᠡᠪᠡᠴᠦ ᠵᠠᠷᠢᠮ ᠶᠠᠳᠠᠭᠤ ᠬᠦᠴᠢᠷᠳᠡᠯᠳᠡᠢ ᠭᠡᠷ ᠪᠦᠯᠢ ᠶᠢᠨ ᠬᠡᠦᠬᠡᠳ ᠪᠠᠭᠠᠴᠤᠳ ᠵᠢᠴᠢ ᠵᠠᠯᠠᠭᠤᠴᠤᠳ ᠰᠡᠳᠬᠢᠴᠡ ᠶᠢᠨ ᠡᠷᠡᠭᠦᠯ ᠮᠡᠨᠳᠦ ᠶᠢᠨ ᠲᠠᠯ᠎ᠠ ᠪᠠᠷ ᠪᠠᠰᠠ ᠠᠰᠠᠭᠤᠳᠠᠯ ᠲᠠᠢ᠃ ᠲᠤᠰ ᠤᠳᠠᠭᠠᠨ ᠤ ᠠᠵᠢᠯᠯᠠᠭ᠎ᠠ ᠨᠢ ᠳᠡᠳᠡᠭᠡᠷ ᠬᠦᠮᠦᠰ ᠢ ᠭᠤᠤᠯᠯᠠᠨ ᠬᠠᠯᠠᠮᠵᠢᠯᠠᠬᠤ ᠡᠳᠡᠭᠡᠳ ᠪᠤᠯᠭᠠᠨ ᠳᠡᠳᠡᠨ ᠢ ᠰᠡᠳᠬᠢᠴᠡ ᠶᠢᠨ ︽ᠶᠠᠳᠠᠭᠤᠷᠠᠯ ᠠᠴᠠ ᠠᠩᠬᠢᠵᠢᠷᠠᠭᠤᠯᠬᠤ︾ ᠪᠠᠷ ᠵᠤᠷᠢᠯᠭ᠎ᠠ ᠪᠤᠯᠭᠠᠪᠠ᠃      ᠰᠡᠳᠬᠢᠴᠡ ᠶᠢᠨ ᠵᠦᠪᠯᠡᠭᠴᠢ ᠰᠦᠨ ᠶᠠ ᡁᠢ᠄ ︽ᠲᠤᠰ ᠤᠳᠠᠭᠠᠨ ᠤ ᠰᠡᠳᠬᠢᠴᠡ ᠶᠢᠨ ᠵᠦᠪᠯᠡᠮᠵᠢ ᠶᠢᠨ ᠲᠦᠯᠦᠪᠦᠷᠢ ᠦᠭᠡᠢ ᠦᠢᠯᠡᠴᠢᠯᠡᠭᠡ ᠨᠢ ᠭᠤᠤᠯᠳᠠᠭᠤ ᠶᠠᠳᠠᠭᠤ ᠬᠦᠴᠢᠷᠳᠡᠯᠳᠡᠢ ᠭᠡᠷ ᠪᠦᠯᠢ ᠶᠢᠨ ᠵᠠᠯᠠᠭᠤᠴᠤᠳ ᠪᠠᠭᠠᠴᠤᠳ ᠵᠢᠴᠢ ᠤᠯᠠᠨ ᠲᠦᠮᠡᠨ ᠳᠤ ᠵᠤᠷᠢᠭᠤᠯᠵᠠᠢ᠃ ᠰᠡᠳᠬᠢᠴᠡ ᠶᠢᠨ ᠠᠰᠠᠭᠤᠳᠠᠯ ᠢ ᠴᠠᠭ ᠳᠠᠷᠤᠢ ᠳᠤᠨᠢ ᠰᠢᠢᠳᠪᠦᠷᠢᠯᠡᠬᠦ ᠦᠭᠡᠢ ᠪᠤᠯ ᠡᠳᠦᠷ ᠤᠳᠠᠭᠠᠨ ᠳᠠᠭᠠᠨ ᠬᠡᠪ ᠤᠨ ᠠᠮᠢᠳᠤᠷᠠᠯ ᠢ ᠨᠢ ᠨᠦᠯᠦᠭᠡᠯᠡᠬᠦ ᠪᠤᠯᠤᠨ᠎ᠠ᠃ ᠲᠤᠰ ᠤᠳᠠᠭᠠᠨ ᠤ ᠠᠵᠢᠯᠯᠠᠭ᠎ᠠ ᠨᠢ ᠳᠡᠳᠡᠨ ᠢ ᠲᠤᠰᠠᠯᠠᠨ ᠠᠮᠢᠳᠤᠷᠠᠯ ᠤᠨ ᠤᠳᠤᠬᠢ ᠪᠠᠶᠢᠳᠠᠯ ᠢ ᠨᠢ ᠦᠭᠡᠷᠡᠴᠢᠯᠡᠬᠦ ᠶᠢᠨ ᠲᠦᠯᠦᠭᠡ ᠶᠤᠮ︾ ᠭᠡᠪᠡ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号