ᠡᠮᠦᠨᠡᠬᠡᠨ᠂ ᠦᠪᠦᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠳᠤ ᠤᠭᠰᠠᠭᠠᠳᠠᠨ ᠵᠦᠢ ᠬᠦᠮᠦᠨ | ᠵᠦᠢ ᠶᠢᠨ ᠳᠡᠬᠡᠳᠤ ᠰᠤᠷᠭᠠᠭᠤᠯᠢ ᠪᠠᠶᠢᠭᠤᠯᠤᠭᠳᠠᠪᠠ᠃ ᠤᠶᠢᠯᠠᠭᠠᠭᠰᠠᠨ ᠢᠶᠠᠷ᠂ ᠤᠭᠰᠠᠭᠠᠳᠠᠨ ᠵᠦᠢ ᠪᠤᠯ ᠦᠪᠦᠷ | ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠨᠴᠠᠯᠢᠭᠳᠤ᠂ ᠳᠠᠪᠠᠭᠤᠯᠢᠭ ᠰᠢᠨᠵᠢᠯᠡᠬᠡᠨ ᠤ ᠰᠠᠯᠪᠤᠷᠢ ᠪᠤᠯᠤᠨ᠎ᠠ | ᠃ 2006 ᠤᠨ ᠳᠤ ᠳᠤᠰ ᠰᠤᠷᠭᠠᠭᠤᠯᠢ ᠤᠭᠰᠠᠭᠠᠳᠠᠨ ᠵᠦᠢ ᠶᠢᠨ ᠨᠢᠬᠡᠳᠦᠬᠡᠷ ᠳᠡᠰ ᠤᠨ ᠮᠠᠭᠢᠰᠲᠷ ᠴᠤᠯᠠ | ᠤᠯᠭᠤᠬᠤ ᠴᠡᠭ ᠤᠨ ᠵᠦᠪᠰᠢᠶᠡᠷᠡᠯ ᠢ ᠤᠯᠵᠠᠢ᠃ 2007 ᠤᠨ ᠳᠤ᠂ ᠳᠤᠰ ᠰᠤᠷᠭᠠᠭᠤᠯᠢ ᠶᠢᠨ ᠤᠭᠰᠠᠭᠠᠳᠠᠨ | ᠵᠦᠢ ᠨᠢ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠶᠡᠭᠡ ᠳᠡᠬᠡᠳᠤ ᠰᠤᠷᠭᠠᠭᠤᠯᠢ ᠶᠢᠨ ᠰᠤᠶᠤᠯ | ᠢᠷᠬᠡᠨᠰᠢᠯ ᠤᠨ ᠭᠤᠤᠯᠳᠠᠯᠭ᠎ᠠ ᠲᠠᠢ ᠰᠤᠳᠤᠯᠭᠠᠨ ᠤ ᠰᠠᠭᠤᠷᠢᠨ ᠪᠤᠯᠵᠠᠢ᠃ 2013 ᠤᠨ ᠳᠤ᠂ ᠳᠤᠰ | ᠰᠤᠷᠭᠠᠭᠤᠯᠢ ᠶᠢᠨ ᠤᠭᠰᠠᠭᠠᠳᠠᠨ ᠵᠦᠢ ᠶᠢᠨ ᠰᠢᠨ᠎ᠡ ᠶᠢ ᠡᠬᠦᠳᠬᠦ ᠪᠦᠯᠬᠦᠮ ᠦᠪᠡᠷᠳᠡᠬᠡᠨ ᠵᠠᠰᠠᠬᠤ ᠤᠷᠤᠨ ᠤ | ᠰᠢᠨ᠎ᠡ ᠶᠢ ᠡᠬᠦᠳᠬᠦ ᠪᠦᠯᠬᠦᠮ ᠢᠶᠠᠷ ᠰᠤᠩᠬᠤᠭᠳᠠᠪᠠ᠃ 2015 ᠤᠨ ᠳᠤ᠂ ︽ᠦᠪᠦᠷ ᠮᠣᠩᠭᠤᠯ ᠤᠨ ᠪᠠᠭᠰᠢ ᠶᠢᠨ | ᠶᠡᠭᠡ ᠰᠤᠷᠭᠠᠭᠤᠯᠢ ᠶᠢᠨ ᠤᠭᠰᠠᠭᠠᠳᠠᠨ ᠵᠦᠢ᠂ ᠬᠦᠮᠦᠨ ᠵᠦᠢ ᠶᠢᠨ ᠳᠡᠬᠡᠳᠤ ᠵᠡᠷᠬᠡ ᠶᠢᠨ ᠰᠤᠳᠤᠯᠭᠠᠨ ᠤ ᠬᠦᠷᠢᠶᠡᠯᠡᠩ | ︾ ᠢ ᠪᠠᠶᠢᠭᠤᠯᠵᠠᠢ᠃ 2018 ᠤᠨ ᠳᠤ᠂ ᠳᠤᠰ ᠰᠤᠷᠭᠠᠭᠤᠯᠢ ᠤᠭᠰᠠᠭᠠᠳᠠᠨ ᠵᠦᠢ ᠶᠢᠨ ᠨᠢᠬᠡᠳᠦᠬᠡᠷ ᠳᠡᠰ ᠤᠨ | ᠳ᠋ᠤᠺᠲ᠋ᠤᠷ ᠴᠤᠯᠠ ᠤᠯᠭᠤᠬᠤ ᠴᠡᠭ ᠢᠶᠠᠷ ᠵᠦᠪᠰᠢᠶᠡᠷᠡᠭᠳᠡᠵᠡᠢ᠃ ᠤᠳᠤᠬᠠᠨ ᠳᠤ᠂ ᠳᠤᠰ ᠰᠤᠷᠭᠠᠭᠤᠯᠢ ᠤᠭᠰᠠᠭᠠᠳᠠᠨ | ᠵᠦᠢ ᠶᠢᠨ ᠬᠤᠶᠠᠳᠤᠭᠠᠷ ᠳᠡᠰ ᠤᠨ 5 ᠰᠢᠨᠵᠢᠯᠡᠬᠡᠨ ᠤ ᠰᠠᠯᠪᠤᠷᠢ ᠶᠢ ᠪᠠᠶᠢᠭᠤᠯᠵᠤ᠂ ᠦᠨᠳᠦᠰᠦᠳᠡᠨ ᠤ ᠵᠤᠭᠠᠴᠠᠯ ᠤᠨ | ᠬᠤᠶᠠᠳᠤᠭᠠᠷ ᠳᠡᠰ ᠤᠨ ᠰᠢᠨᠵᠢᠯᠡᠬᠡᠨ ᠤ ᠰᠠᠯᠪᠤᠷᠢ ᠶᠢᠨ ᠮᠠᠭᠢᠰᠲᠷ ᠴᠤᠯᠠ ᠤᠯᠭᠤᠬᠤ ᠴᠡᠭ ᠢ ᠨᠡᠮᠡᠵᠦ ᠪᠠᠶᠢᠭᠤᠯᠤᠨ᠂ | ᠦᠨᠳᠤᠰᠦᠨ ᠠᠩᠬᠢ᠂ ᠮᠠᠭᠢᠰᠲᠷ᠂ ᠳ᠋ᠤᠺᠲ᠋ᠤᠷ ᠬᠦᠮᠦᠵᠢᠬᠦᠯᠬᠦ ᠰᠢᠰᠲ᠋ᠧᠮ ᠢ ᠠᠩᠬ᠎ᠠ ᠠᠯᠬᠤᠮ ᠪᠦᠷᠢᠯᠳᠦᠬᠦᠯᠦᠭᠰᠠᠨ | ᠪᠠᠶᠢᠨ᠎ᠠ᠃ |