ᠬᠡᠦᠬᠡᠳ ᠤᠨ ᠰᠦᠷᠢᠶ᠎ᠡ ᠡᠪᠡᠳᠴᠢᠨ ᠢ ᠠᠮᠠᠷᠬᠠᠨ ᠣᠮᠳᠤᠭᠠᠶᠢᠯᠠᠵᠤ ᠮᠡᠳᠡᠨ᠎ᠡ
ᠨᠡᠶᠢᠲᠡᠯᠡᠭᠰᠡᠨ ᠴᠠᠭ᠄
2019-03-28
      ᠰᠢᠨᠬᠤᠸᠠ ᠬᠤᠷᠢᠶᠠᠨ ᠤ ᠴᠦᠩᠴᠢᠩ ᠤᠨ 3 ᠰᠠᠷ᠎ᠠ ᠶᠢᠨ 24 ᠤ ᠠᠳᠤᠷ ᠤᠨ ᠴᠠᠬᠢᠯᠭᠠᠨ  ᠮᠡᠳᠡᠭᠡ  3  ᠰᠠᠷ᠎ᠠ ᠶᠢᠨ24 ᠤ ᠡᠳᠦᠷ ᠪᠣᠯ ᠳᠡᠯᠡᠬᠡᠢ ᠶᠢᠨ ᠰᠦᠷᠢᠶ᠎ᠡ ᠡᠪᠡᠳᠴᠢᠨ ᠢ ᠰᠡᠷᠭᠡᠶᠢᠯᠡᠨ ᠵᠠᠰᠠᠬᠤ ᠡᠳᠦᠷ  ᠪᠣᠯᠤᠨ᠎ᠠ᠃  ᠲᠤᠰᠬᠠᠶ  ᠮᠡᠷᠭᠡᠵᠢᠯᠲᠡᠨ ᠤ ᠰᠠᠨᠠᠭᠤᠯᠤᠭᠰᠠᠨ ᠢᠶᠠᠷ᠂ ᠡᠩ ᠤᠨ ᠪᠠᠶᠢᠳᠠᠯ ᠳᠤ ᠠᠪᠴᠤ ᠦᠵᠡᠪᠡᠯ᠂ ᠬᠡᠦᠬᠡᠳ ᠤᠨ ᠰᠦᠷᠢᠶ᠎ᠡ ᠡᠪᠡᠳᠴᠢᠨ ᠤ ᠡᠬᠢᠨ ᠤ  ᠦᠶ᠎ᠡ ᠵᠢᠨ‌ᠡᠪᠡᠳᠴᠢᠨ ᠤ  ᠢᠯᠡᠷᠡᠯ ᠨᠢ  ᠨᠡᠶᠢᠲᠡᠯᠢᠭ  ᠪᠤᠰᠤ   ᠪᠠᠶᠢᠵᠤ᠂ ᠪᠤᠰᠤᠳ ᠡᠪᠡᠳᠴᠢᠨ ᠲᠠᠢ ᠠᠮᠠᠷᠬᠠᠨ   ᠬᠤᠳᠬᠤᠯᠳᠤᠵᠤ᠂ ᠣᠷᠬᠢᠭᠳᠠᠭᠤᠯᠤᠨ ᠣᠨᠣᠰᠢᠯᠠᠳᠠᠭ ᠪᠣᠯᠣᠮᠵᠢ ᠶᠡᠭᠡ ᠪᠣᠯᠬᠤᠷ ᠭᠡᠷ ᠤᠨ ᠠᠬᠠᠮᠠᠳ ᠰᠡᠷᠡᠮᠵᠢ ᠲᠠᠢ ᠪᠠᠶᠢᠬᠤ ᠬᠡᠷᠡᠭᠲᠡᠢ ᠭᠡᠵᠡᠢ᠃              ᠴᠦᠩᠴᠢᠩ ᠤᠨ ᠨᠠᠨ ᠠᠨ ᠲᠤᠭᠤᠷᠢᠭ ᠤᠨ 1 ᠨᠠᠰᠤᠲᠠᠶ  ᠼᠦᠩ  ᠼᠦᠩ᠂ ᠭᠤᠷᠪᠠᠨ  ᠭᠠᠷᠠᠭ ᠤᠨ  ᠡᠮᠦᠨ᠎ᠡ ᠡᠴᠠ‌ᠡᠬᠢᠯᠡᠨ ᠬᠠᠨᠢᠶᠠᠬᠤ᠂ ᠴᠡᠷ ᠭᠠᠷᠬᠤ ᠵᠡᠷᠭᠡ ᠡᠪᠡᠳᠴᠢᠨ ᠤ ᠢᠯᠡᠷᠡᠯ ᠭᠠᠷᠴᠠᠶ᠃ ᠭᠡᠷ ᠤᠨ ᠠᠬᠠᠮᠠᠳ ᠬᠡᠦᠬᠡᠨ ᠢᠶᠠᠨ ᠵᠥᠪᠬᠡᠨ  ᠡᠩ ‍ᠤᠨ‌‍ᠬᠢᠮᠤᠷᠠᠭ᠎ᠠ ᠲᠡᠳᠦᠶ ᠭᠡᠵᠦ ᠪᠣᠳᠣᠭᠰᠠᠨ ᠪᠣᠯᠪᠠᠴᠤ ᠡᠮ ᠬᠡᠷᠡᠭᠯᠡᠭᠡᠳ ᠮᠥᠨ ᠡᠳᠡᠭᠡᠷᠡᠭᠰᠡᠨ ᠦᠭᠡᠢ᠃ ᠳᠠᠷᠠᠭ᠎ᠠ ᠨᠢ ᠴᠦᠩᠴᠢᠩ ‍ᠤᠨ‌ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ ᠬᠡᠦᠬᠡᠳ ᠤᠨ ᠡᠮᠨᠡᠯᠭᠡ ᠳᠤ ᠬᠦᠷᠴᠦ ᠡᠮᠨᠡᠭᠦᠯᠪᠡ᠂  ᠪᠠᠶᠢᠴᠠᠭᠠᠯᠲᠠ ᠶᠢᠨ ᠳ᠋ᠦᠩ ᠠᠴᠠ ᠦᠵᠡᠪᠡᠯ᠂ ᠬᠡᠦᠬᠡᠳ ᠠᠭᠤᠰᠬᠢᠨ ᠰᠦᠷᠢᠶ᠎ᠡ ᠣᠯᠤᠭᠰᠠᠨ ᠪᠠᠶᠢᠨ᠎ᠠ᠃              ᠬᠡᠦᠬᠡᠳ ᠤᠨ ᠡᠮᠨᠡᠯᠭᠡ ᠶᠢᠨ  ᠬᠤᠷᠢᠶᠠᠨ ᠤ  ᠬᠠᠯᠳᠠᠪᠤᠷᠢᠲᠤ  ᠡᠪᠡᠳᠴᠢᠨ ᠤ  ᠰᠠᠯᠠᠭᠠᠨ ᠤ  ᠡᠷᠬᠢᠯᠡᠭᠴᠢ  ᠰᠢᠤᠢ  ᠬᠤᠩ‌ᠮᠧᠶ ᠶᠢᠨ  ᠲᠠᠨᠢᠯᠴᠠᠭᠤᠯᠤᠭᠰᠠᠨ ᠢᠶᠠᠷ᠂  ᠰᠦᠷᠢᠶ᠎ᠡ ᠶᠢᠨ  ᠰᠠᠪᠬᠠᠨᠴᠢᠷ  ᠪᠠᠺᠲ᠋ᠧᠷᠢ ᠨᠢ  ᠠᠭᠠᠷ ᠢᠶᠠᠷ  ᠳᠠᠮᠵᠢᠨ   ᠬᠠᠯᠳᠠᠪᠤᠷᠢᠯᠠᠳᠠᠭ᠂ᠠᠭᠤᠰᠬᠢᠨ ᠰᠦᠷᠢᠶ᠎ᠡ ᠡᠪᠡᠳᠴᠢᠨ ᠲᠠᠢ ᠬᠥᠮᠦᠨ ᠲᠠᠢ ᠬᠠᠮᠲᠤ ᠰᠠᠭᠤᠵᠤ ᠠᠵᠢᠯᠯᠠᠵᠤ ᠪᠠᠶᠢᠭ᠎ᠠ ᠬᠥᠮᠦᠨ ᠤ ᠰᠦᠷᠢᠶ᠎ᠡ ᠶᠢᠨ ᠰᠠᠪᠬᠠᠨᠴᠢᠷ ᠪᠠᠺᠲ᠋ᠧᠷᠢ ᠬᠠᠯᠳᠠᠪᠤᠷᠢᠯᠠᠬᠤ ᠲᠣᠬᠢᠶᠠᠯᠳᠤᠮᠵᠢ ᠨᠢ ᠨᠡᠯᠢᠶᠡᠳ ᠥᠨᠳᠥᠷ ᠪᠠᠶᠢᠳᠠᠭ ᠭᠡᠵᠡᠢ᠃              ᠡᠭᠦᠨ ᠤ ᠵᠡᠷᠭᠡ ᠳᠤ  ᠲᠤᠰᠬᠠᠶ  ᠮᠡᠷᠭᠡᠵᠢᠯᠲᠡᠨ ᠤ  ᠲᠠᠨᠢᠯᠴᠠᠭᠤᠯᠤᠭᠰᠠᠨ ᠢᠶᠠᠷ᠂  ᠬᠡᠦᠬᠡᠳ ᠤᠨ  ᠠᠭᠤᠰᠬᠢᠨ  ᠰᠦᠷᠢᠶ᠎ᠡ‌ᠡᠪᠡᠳᠴᠢᠨ ᠤ ᠡᠭᠦᠰᠦᠯᠲᠡ ᠨᠢ ᠨᠢᠭᠤᠴᠠ ᠳᠠᠯᠳᠠ᠂ ᠡᠬᠢᠨ ᠤ ᠦᠶ᠎ᠡ ᠶᠢᠨ ᠡᠪᠡᠳᠴᠢᠨ ᠤ ᠢᠯᠡᠷᠡᠯ ᠨᠢ ᠨᠡᠶᠢᠲᠡᠯᠢᠭ ᠪᠤᠰᠤ ᠪᠠᠶᠢᠵᠤ᠂ᠭᠤᠤᠯᠳᠠᠭᠤ ᠬᠠᠨᠢᠶᠠᠬᠤ᠂ ᠬᠠᠯᠠᠭᠤᠷᠠᠬᠤ᠂ ᠬᠥᠯᠥᠰᠥ ᠭᠠᠷᠬᠤ᠂ ᠬᠤᠭᠤᠯᠠ ᠢᠳᠡᠬᠦ ᠨᠢ ᠪᠠᠭᠠᠰᠬᠤ᠂ ᠲᠠᠮᠢᠷᠳᠠᠬᠤ᠂ ᠪᠡᠶ᠎ᠡ ᠶᠢᠨ ᠬᠦᠨᠳᠦ ᠪᠠᠭᠤᠷᠠᠬᠤ  ᠵᠡᠷᠭᠡ  ᠢᠯᠡᠷᠡᠯ ᠲᠠᠢ  ᠪᠠᠶᠢᠵᠤ᠂ ᠪᠤᠰᠤᠳ  ᠡᠪᠡᠳᠴᠢᠨ ᠲᠠᠢ  ᠠᠮᠠᠷᠬᠠᠨ  ᠬᠤᠳᠬᠤᠯᠳᠤᠵᠤ᠂   ᠣᠷᠬᠢᠭᠳᠠᠭᠤᠯᠤᠨ‌ᠣᠨᠣᠰᠢᠯᠠᠬᠤ ᠪᠣᠯᠣᠮᠵᠢ ᠲᠠᠢ ᠪᠠᠶᠢᠳᠠᠭ᠃ ︽ᠡᠶᠢᠮᠦ ᠠᠴᠠ ᠨᠢᠭᠡ ᠭᠠᠷᠠᠭ ᠠᠴᠠ ᠳᠡᠭᠡᠭᠰᠢ ᠬᠠᠯᠠᠭᠤᠷᠠᠬᠤ᠂ ᠲᠠᠮᠢᠷᠳᠠᠬᠤ᠂ ᠤᠬᠢᠯᠠᠵᠤ ᠤᠨᠵᠢᠬᠤ᠂ ᠯᠢᠮᠹᠠ ᠶᠢᠨ ᠪᠤᠯᠴᠢᠷᠠᠬᠠᠢ ᠡᠪᠡᠳᠬᠦ ᠰᠢᠨᠵᠢ ᠦᠭᠡᠢ ᠬᠠᠪᠤᠳᠴᠤ ᠲᠣᠮᠣᠷᠠᠬᠤ  ᠵᠡᠷᠭᠡ  ᠡᠪᠡᠳᠴᠢᠨ ᠤ  ᠢᠯᠡᠷᠡᠯ  ᠭᠠᠷᠪᠠᠯ ᠰᠦᠷᠢᠶ᠎ᠡ ᠡᠪᠡᠳᠴᠢᠨ ᠣᠯᠬᠤ ᠪᠣᠯᠤᠯᠴᠠᠭ᠎ᠠ ᠲᠠᠢ ᠶᠤᠮ᠃              ᠲᠤᠰᠬᠠᠢ ᠮᠡᠷᠭᠡᠵᠢᠯᠲᠡᠨ ᠤ ᠲᠠᠨᠢᠯᠴᠠᠭᠤᠯᠬᠤ ᠪᠠᠷ᠂ ᠡᠷᠲᠡ ᠮᠡᠳᠡᠵᠦ  ᠡᠷᠲᠡ  ᠵᠠᠰᠠᠬᠤ ᠨᠢ  ᠠᠭᠤᠰᠬᠢᠨ  ᠰᠦᠷᠢᠶ᠎ᠡ ᠵᠢᠨ‌ᠡᠪᠡᠳᠴᠢᠲᠡᠨ ᠳᠤ ᠮᠠᠰᠢ ᠴᠢᠬᠤᠯᠠ ᠪᠠᠶᠢᠳᠠᠭ᠂ ᠬᠡᠷᠪᠡ  ᠬᠡᠦᠬᠡᠳ ᠤᠨ  ᠳᠡᠷᠭᠡᠳᠡ  ᠠᠭᠤᠰᠬᠢᠨ  ᠰᠦᠷᠢᠶ᠎ᠡ  ᠣᠯᠤᠭᠰᠠᠨ  ᠬᠥᠮᠥᠨ ᠪᠠᠶᠢᠪᠠᠯ᠂ ᠬᠡᠦᠬᠡᠳ ᠢᠶᠠᠨ ᠡᠷᠲᠡ ᠪᠠᠶᠢᠴᠠᠭᠠᠯᠭᠠᠵᠤ᠂ ᠡᠷᠲᠡ ᠡᠮᠨᠡᠨ ᠵᠠᠰᠠᠬᠤ ᠬᠡᠷᠡᠭᠲᠡᠶ᠃ ᠬᠡᠷᠪᠡ ᠳᠠᠯᠳᠠ ᠬᠠᠯᠳᠠᠪᠤᠷᠢᠯᠠᠯ  ᠪᠠᠶᠢᠪᠠᠯ᠂ ᠤᠷᠢᠳᠴᠢᠯᠠᠨ ᠰᠡᠷᠭᠡᠶᠢᠯᠡᠬᠦ ᠴᠢᠨᠠᠷᠲᠠᠶ ᠰᠦᠷᠢᠶ᠎ᠡ ᠶᠢ ᠡᠰᠡᠷᠭᠦᠴᠡᠬᠦ ᠡᠮᠴᠢᠯᠡᠭᠡ ᠬᠢᠬᠦ ᠬᠡᠷᠡᠭᠲᠡᠶ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号