ᠦᠪᠦᠷ ᠮᠤᠩᠭᠤᠯ 1471 ᠠᠯᠪᠠᠨ ᠬᠠᠭᠠᠬᠴᠢ ᠡᠯᠰᠡᠬᠦ ᠪᠠᠷ ᠪᠤᠢ
ᠨᠡᠶᠢᠲᠡᠯᠡᠭᠰᠡᠨ ᠴᠠᠭ᠄
2019-03-27
      ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠵᠤᠬᠢᠶᠠᠨ ᠪᠠᠶᠢᠭᠤᠯᠬᠤ ᠬᠡᠯᠲᠡᠰ 3 ᠰᠠᠷ᠎ᠠ ᠶᠢᠨ 22 ᠤᠨ ᠡᠳᠦᠷ ︽ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠨᠠᠮ ᠵᠠᠰᠠᠬ ᠤᠯᠠᠨ ᠲᠦᠮᠡᠨ ᠤ ᠪᠠᠶᠢᠭᠤᠯᠤᠮᠵᠢ ᠪᠤᠯᠤᠨ ᠠᠯᠪᠠᠨ ᠬᠠᠭᠠᠬᠴᠢ ᠶᠢᠨ ᠬᠠᠤᠯᠢ ᠪᠠᠷ ᠯᠠᠪᠯᠠᠯᠲᠠ ᠪᠤᠯᠭᠠᠬᠰᠠᠨ ᠬᠠᠮᠢᠶᠠᠷᠤᠯᠲᠠ ᠶᠢᠨ ᠪᠠᠶᠢᠭᠤᠯᠭ᠎ᠠ ᠶᠢᠨ 2019 ᠤᠨ ᠤ ᠠᠯᠪᠠᠨ ᠬᠠᠭᠠᠬᠴᠢ ᠬᠢᠭᠡᠳ ᠠᠵᠢᠯᠴᠢᠨ ᠡᠯᠰᠡᠬᠦ ᠲᠤᠪᠴᠢ ᠳᠦᠷᠢᠮ︾ ᠢ ᠨᠡᠶᠢᠲᠡᠯᠡᠵᠦ᠂ 1471 ᠬᠦᠮᠦᠨ ᠡᠯᠰᠡᠬᠦ ᠪᠠᠷ ᠪᠠᠶᠢᠭ᠎ᠠ ᠶᠢ ᠵᠠᠷᠯᠠᠵᠠᠢ᠃     ᠰᠢᠯᠭᠠᠭᠤᠯᠤᠬᠰᠠᠳ 3 ᠰᠠᠷ᠎ᠠ ᠶᠢᠨ 23 ᠤ ᠡᠳᠦᠷ ᠤᠨ 9᠄ 00 ᠴᠠᠬ ᠠᠴᠠ 3 ᠰᠠᠷ᠎ᠠ ᠶᠢᠨ 29 ᠤ ᠡᠳᠦᠷ ᠤᠨ 17᠄ 00 ᠴᠠᠬ ᠬᠦᠷᠲᠡᠯ᠎ᠡ ᠦᠪᠦᠷ ᠮᠤᠩᠭᠤᠯ ᠤᠨ ᠪᠤᠯᠪᠠᠰᠤᠨ ᠬᠦᠴᠦᠨ ᠤ ᠰᠢᠯᠭᠠᠯᠲᠠ ᠶᠢᠨ ᠰᠤᠷᠠᠬ ᠵᠠᠩᠬᠢ ᠶᠢᠨ ᠨᠤᠲ ︵http://www.impta.com︶ ᠲᠤ ᠨᠡᠷ᠎ᠡ ᠪᠠᠨ ᠪᠦᠷᠢᠳᠬᠡᠭᠦᠯᠵᠦ ᠪᠤᠯᠤᠨ᠎ᠠ᠃ 24 ᠤ ᠡᠳᠦᠷ ᠠᠴᠠ ᠡᠬᠢᠯᠡᠨ ᠳᠠᠭᠤᠰᠬᠤ ᠪᠤᠯᠲᠠᠯ᠎ᠠ ᠡᠳᠦᠷ ᠪᠦᠷᠢ ᠶᠢᠨ 9 ᠴᠠᠬ ᠲᠤ ᠨᠡᠷ᠎ᠡ ᠪᠦᠷᠢᠳᠬᠡᠭᠦᠯᠬᠦ ᠨᠤᠲ ᠲᠤ ᠡᠯ᠎ᠠ ᠠᠵᠢᠯ ᠤᠨ ᠪᠠᠶᠢᠷᠢᠨ ᠳᠤ ᠨᠡᠷ᠎ᠡ ᠮᠡᠳᠡᠭᠦᠯᠦᠭᠰᠡᠨ ᠬᠦᠮᠦᠨ ᠤ ᠲᠤᠭ᠎ᠠ ᠶᠢ ᠨᠡᠶᠢᠲᠡᠯᠡᠵᠦ ᠯᠠᠪᠯᠠᠯᠲᠠ ᠪᠤᠯᠭᠠᠨ᠎ᠠ᠃ ᠬᠦᠳᠡᠭᠡ ᠲᠤᠰᠬᠤᠨ ᠮᠠᠯᠵᠢᠬᠤ ᠤᠷᠤᠨ ᠤ ᠤᠨᠴᠠ ᠶᠠᠳᠠᠭᠤ ᠭᠡᠷ ᠪᠦᠯᠢ᠂ ᠬᠤᠲᠠ ᠶᠢᠨ ᠳᠤᠤᠷ᠎ᠠ ᠪᠠᠲᠤᠯᠠᠭᠠᠲᠤ ᠡᠷᠦᠬᠡ ᠶᠢᠨ ᠰᠢᠯᠭᠠᠭᠤᠯᠤᠬᠰᠠᠳ ᠪᠤᠯᠤᠨ 2019 ᠤᠨ ᠤ 7 ᠰᠠᠷ᠎ᠠ ᠠᠴᠠ ᠡᠮᠦᠨ᠎ᠡ ᠪᠦᠬᠦᠯᠢ ᠡᠳᠦᠷ ᠤᠨ ᠳᠦᠷᠢᠮᠲᠤ ᠶᠡᠭᠡ ᠳᠡᠭᠡᠳᠤ ᠰᠤᠷᠭᠠᠭᠤᠯᠢ ᠠᠴᠠ ᠰᠢᠨ᠎ᠡ ᠪᠠᠷ ᠲᠡᠭᠦᠰᠦᠭᠰᠡᠨ ᠤᠶᠤᠲᠠᠳ ᠠᠴᠠ ᠰᠢᠯᠭᠠᠯᠲᠠ ᠶᠢᠨ ᠲᠦᠯᠦᠪᠦᠷᠢ ᠬᠤᠷᠢᠶᠠᠬᠤ ᠦᠭᠡᠢ᠃ 2018 ᠤᠨ ᠳᠤ ᠪᠦᠬᠦᠯᠢ ᠡᠳᠦᠷ ᠤᠨ ᠳᠦᠷᠢᠮᠲᠤ ᠶᠡᠭᠡ ᠳᠡᠭᠡᠳᠤ ᠰᠤᠷᠭᠠᠭᠤᠯᠢ ᠠᠴᠠ ᠲᠡᠭᠦᠰᠦᠭᠰᠡᠨ ᠤᠶᠤᠲᠠᠳ ᠠᠴᠠ ᠬᠠᠭᠠᠰ ᠲᠦᠯᠦᠪᠦᠷᠢ ᠬᠤᠷᠢᠶᠠᠨ᠎ᠠ᠃      4 ᠰᠠᠷ᠎ᠠ ᠶᠢᠨ 20 ᠤ ᠡᠳᠦᠷ ᠪᠢᠷ ᠤᠨ ᠰᠢᠯᠭᠠᠯᠲᠠ ᠬᠢᠨ᠎ᠡ᠃ 12 ᠠᠶᠢᠮᠠᠬ ᠬᠤᠲᠠ ᠶᠢᠨ ᠵᠠᠰᠠᠬ ᠤᠨ ᠤᠷᠳᠤᠨ ᠪᠠᠶᠢᠭ᠎ᠠ ᠭᠠᠵᠠᠷ ᠲᠤ ᠪᠦᠷ ᠪᠢᠷ ᠤᠨ ᠰᠢᠯᠭᠠᠯᠲᠠ ᠲᠤᠬᠢᠷᠠᠭᠤᠯᠵᠦ᠂ ᠰᠢᠯᠭᠠᠭᠤᠯᠤᠬᠰᠠᠳ ᠠᠴᠠ ᠨᠡᠷ᠎ᠡ ᠪᠦᠷᠢᠳᠬᠡᠭᠦᠯᠬᠦ ᠦᠶᠡᠰ ᠢᠶᠠᠷ ᠰᠢᠯᠭᠠᠬᠤ ᠭᠠᠵᠠᠷ ᠢᠶᠠᠨ ᠦᠪᠡᠷᠲᠡᠭᠡᠨ ᠰᠤᠩᠭᠤᠨ᠎ᠡ᠃ ᠰᠢᠯᠭᠠᠬᠤ ᠭᠠᠵᠠᠷ ᠢᠶᠠᠨ ᠰᠤᠩᠭᠤᠬᠰᠠᠨ ᠪᠠᠶᠢᠪᠠᠯ ᠳᠠᠬᠢᠵᠦ ᠦᠭᠡᠷᠡᠴᠢᠯᠡᠵᠦ ᠪᠤᠯᠬᠤ ᠦᠭᠡᠢ᠃
 
ᠢᠷᠡᠯᠲᠡ᠄ ᠦᠪᠦᠷ ᠮᠤᠩᠭᠤᠯ ᠤᠨ ᠰᠤᠨᠢᠨ ᠮᠡᠳᠡᠭᠡᠨ ᠤ ᠨᠧᠲ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号