ᠠᠮᠢ ᠠᠬᠤᠢ ᠶᠢᠨ ᠲᠤᠭᠠᠴᠠᠭ᠎ᠠ ᠬᠢᠬᠦ ᠴᠠᠭ ᠬᠥᠷᠴᠣ ᠢᠷᠡᠪᠠ
ᠨᠡᠶᠢᠲᠡᠯᠡᠭᠰᠡᠨ ᠴᠠᠭ᠄
2019/3/15
ᠥᠪᠤᠷ ᠮᠤᠩᠭᠤᠯ ᠤᠨ ᠠᠮᠢ ᠠᠬᠤᠢ ᠶᠢᠨ ᠲᠤᠬᠠᠢ ᠶᠠᠷᠢᠯᠴᠠᠯᠭ᠎ᠠ ︵ᠱᠠᠯᠤᠨ︶ 12 ᠤᠨ ᠡᠳᠣᠷ ᠪᠡᠭᠡᠵᠢᠩ ᠳᠤ ᠪᠤᠯᠵᠦ ᠥᠩᠭᠡᠷᠡᠯ᠎ᠠ᠃ ᠡᠨᠡ ᠣᠳᠠᠭᠠᠨ ᠤ ᠶᠠᠷᠢᠯᠴᠠᠯᠭ᠎ᠠ ᠶᠢ ᠲᠥᠪ ᠷᠠᠳᠢᠣ᠋ ᠶᠢᠨ ᠮᠤᠩᠭᠤᠯ ᠬᠡᠯᠡᠨ ᠤ ᠨᠡᠪᠳᠡᠷᠡᠭᠦᠯᠭᠡ ᠶᠢᠨ ᠬᠡᠯᠳᠡᠰ᠂ ᠥᠪᠤᠷ ᠮᠤᠩᠭᠤᠯ ᠤᠨ ᠡᠳᠣᠷ ᠤᠨ ᠰᠣᠨᠢᠨ ᠤ ᠬᠤᠷᠢᠶ᠎ᠠ᠂ ᠥᠪᠤᠷ ᠮᠤᠩᠭᠤᠯ ᠤᠨ ᠷᠠᠳᠢᠣ᠋ ᠲᠧᠯᠸᠢᠰ ᠤᠨ ᠬᠤᠷᠢᠶ᠎ᠠ ᠬᠠᠮᠳᠣᠷᠠᠨ ᠡᠷᠬᠢᠯᠡᠵᠦ᠂ ᠪᠥᠬᠦ ᠣᠯᠣᠰ ᠤᠨ ᠠᠷᠠᠳ ᠤᠨ ᠲᠥᠯᠥᠭᠡᠯᠡᠭᠴᠢ ᠪᠤᠯᠤᠨ ᠬᠠᠮᠢᠶᠠᠳᠠᠢ ᠡᠷᠳᠡᠮᠳᠡᠨ ᠮᠡᠷᠭᠡᠵᠢᠯᠳᠡᠨ ᠢ ᠤᠷᠢᠵᠦ᠂ ᠥᠪᠤᠷ ᠮᠤᠩᠭᠤᠯ ᠤᠨ ᠠᠮᠢ ᠠᠬᠤᠢ ᠪᠤᠯᠤᠨ ᠠᠵᠦ ᠠᠬᠤᠢ ᠶᠢᠨ ᠲᠤᠬᠠᠢ ᠶᠠᠷᠢᠯᠴᠠᠯᠭ᠎ᠠ ᠥᠷᠨᠢᠬᠦᠯᠥᠭᠰᠡᠨ ᠶᠤᠮ᠃
ᠡᠤ ᠶᠥᠨ ᠪᠥᠸᠧ ︵ᠪᠥᠬᠦ ᠣᠯᠣᠰ ᠤᠨ ᠠᠷᠠᠳ ᠤᠨ ᠲᠥᠯᠥᠭᠡᠯᠡᠭᠴᠢ︶᠄ ᠬᠤᠷᠰᠢᠶᠠᠵᠢᠯ ᠪᠤᠯ ᠵᠥᠪᠭᠡᠨ ᠫᠧᠩ ᠰᠠᠷᠠᠪᠴᠢ ᠪᠠᠶᠢᠭᠤᠯᠤᠭᠠᠳ ᠬᠠᠰᠢᠶᠠᠯᠠᠵᠦ ᠲᠡᠵᠢᠭᠡᠬᠦ ᠶᠠᠪᠤᠳᠠᠯ ᠪᠢᠰᠢ᠃ ᠡᠭᠦᠨ ᠢ ᠮᠠᠯᠴᠢᠳ ᠵᠥᠪ ᠣᠶᠢᠯᠠᠭᠠᠪᠠᠯ ᠵᠤᠬᠢᠨ᠎ᠠ᠃ ᠪᠢᠳᠠ ᠣᠯᠠᠮᠵᠢᠯᠠᠯᠳᠣ ᠮᠠᠯᠵᠢᠯ᠂ ᠰᠢᠨ᠎ᠡ ᠮᠠᠯᠵᠢᠯ᠂ ᠬᠡᠪᠴᠢᠶᠠᠵᠢᠭ᠍ᠰᠡᠨ ᠮᠠᠯᠵᠢᠯ ᠢ ᠪᠥᠷ ᠣᠶᠠᠯᠳᠣᠭᠤᠯᠵᠦ ᠪᠤᠢ᠃ ᠶᠡᠷᠥᠩᠬᠡᠢ ᠱᠥᠵᠢ ︽ᠬᠠᠰᠢᠶᠠᠯᠠᠬᠤ ᠦᠭᠡᠢ ᠪᠤᠯ ᠪᠤᠯᠬᠤ ᠦᠭᠡᠢ︾ ᠭᠡᠵᠦ ᠬᠡᠯᠡᠭᠡ ᠦᠭᠡᠢ᠃ ᠬᠠᠷᠢᠨ ︽ᠲᠠ ᠬᠠᠷᠢᠬᠰᠠᠨ ᠤ ᠪᠠᠨ ᠳᠠᠷᠠᠭ᠎ᠠ᠂ ᠪᠤᠳᠠᠳᠠᠢ ᠲᠠᠢ ᠪᠠᠨ ᠤᠶᠠᠯᠳᠣᠭᠤᠯᠵᠦ ᠬᠢ᠂ ᠭᠠᠵᠠᠷ ᠤᠷᠤᠨ ᠳᠠᠭᠠᠨ ᠲᠤᠬᠢᠷᠠᠬᠰᠠᠨ ᠵᠥᠢᠯ ᠢᠶᠠᠨ ᠬᠢ︾ ᠬᠡᠰᠡᠨ᠃ ︽ᠮᠠᠯᠴᠢᠨ ᠠᠶᠢᠯ︾ ᠬᠡᠬᠦ ᠨᠡᠷᠡᠳᠣ ᠲᠡᠮᠳᠡᠭ ᠵᠥᠪᠬᠡᠨ ᠮᠢᠨᠥᠬᠢ ᠪᠢᠰᠢ᠂ ᠬᠠᠷᠢᠨ ᠪᠥᠬᠦ ᠮᠠᠯᠴᠢᠨ ᠲᠥᠮᠡᠨ ᠤ ᠬᠢ᠃ ᠲᠡᠶᠢᠮᠥ ᠤᠴᠢᠷ ᠠᠴᠠ ᠪᠢ ᠪᠥᠬᠦ ᠮᠠᠯᠴᠢᠨ ᠲᠥᠮᠡᠨ ᠢᠶᠠᠨ ᠲᠥᠯᠥᠭᠡᠯᠡᠵᠦ ᠶᠡᠷᠥᠩᠬᠡᠢ ᠱᠥᠵᠢ ᠶᠢᠨ ᠡᠮᠥᠨ᠎ᠡ ᠡᠭᠦᠨ ᠢ ᠪᠠᠨ ᠤᠬᠠᠭᠤᠯᠵᠦ ᠰᠣᠷᠳᠠᠯᠴᠢᠯᠠᠬᠰᠠᠨ ᠶᠤᠮ᠃
ᠣᠯᠠᠭᠠᠨᠪᠠᠭᠠᠨ᠎ᠠ ︵ᠲᠤᠮᠳᠠᠳᠣ ᠣᠯᠣᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠬᠢᠵᠠᠭᠠᠷ ᠤᠷᠤᠨ ᠢ ᠰᠣᠳᠣᠯᠬᠤ ᠬᠥᠷᠢᠶᠠᠯᠠᠩ ᠤᠨ ᠲᠡᠳ᠋ ᠫᠷᠥᠹᠧᠰᠰᠣᠷ︶᠄ ᠡᠨᠡ 40 ᠵᠢᠯ ᠳᠤ ᠮᠠᠨ ᠤ ᠡᠳ᠋ ᠤᠨ ᠵᠠᠰᠠᠭ ᠮᠠᠰᠢ ᠲᠥᠷᠭᠡᠨ ᠨᠡᠮᠡᠭᠳᠡᠭᠰᠡᠨ ᠪᠤᠯᠪᠠᠴᠣ᠂ ᠠᠮᠢ ᠠᠬᠤᠢ ᠮᠠᠰᠢ ᠶᠡᠭᠡ ᠭᠠᠷᠤᠵᠠ ᠭᠠᠷᠭᠠᠬᠰᠠᠨ᠃ ᠣᠳᠣ ᠪᠢᠳᠠ ᠠᠮᠢ ᠠᠬᠤᠢ ᠪᠠᠨ ᠡᠷᠬᠢᠵᠦ ᠬᠠᠷᠠᠬᠤ ᠭᠡᠷᠡᠭᠳᠡᠢ᠃ ᠠᠮᠢ ᠠᠬᠤᠢ ᠶᠢᠨ ᠲᠤᠭᠠᠴᠠᠭ᠎ᠠ ᠬᠢᠬᠦ ᠴᠠᠭ ᠪᠤᠯᠤᠬᠰᠠᠨ᠃ ᠥᠪᠤᠷ ᠮᠤᠩᠭᠤᠯ ᠤᠨ ᠠᠮᠢ ᠠᠬᠤᠢ ᠬᠥᠨᠳᠣ ᠬᠡᠴᠡᠭᠦᠦ ᠪᠠᠶᠢᠳᠠᠯ ᠳᠤ ᠤᠷᠤᠪᠠᠯ ᠬᠥᠷᠰᠢᠯᠡᠵᠦ ᠪᠠᠶᠢᠭ᠎ᠠ 8 ᠮᠤᠵᠢ ᠤᠷᠤᠨ ᠴᠤ ᠠᠶᠤᠯ ᠳᠤ ᠲᠤᠯᠭᠠᠷᠠᠬᠤ ᠪᠤᠯᠤᠨ᠎ᠠ᠃ ᠡᠶᠢᠮᠥ ᠠᠴᠠ ᠶᠡᠷᠥᠩᠬᠡᠢ ᠱᠥᠵᠢ ᠰᠢ ᠶᠢᠨ ᠫᠢᠩ ᠤᠨ ︽ᠠᠮᠢ ᠠᠬᠤᠢ ᠶᠢᠨ ᠬᠠᠮᠠᠭᠠᠯᠠᠯᠳᠠ ᠶᠢ ᠲᠡᠷᠢᠭᠦᠨ ᠪᠠᠶᠢᠷᠢᠨ ᠳᠤ ᠲᠠᠯᠪᠢᠬᠰᠠᠨ ᠴᠢᠨᠠᠷᠯᠢᠭ ᠭᠦᠭᠵᠢᠯᠳᠡ ᠶᠢᠨ ᠰᠢᠨ᠎ᠡ ᠵᠠᠮ ᠢ ᠰᠥᠪᠡᠭᠴᠢᠯᠡᠬᠦ ᠭᠡᠷᠡᠭᠳᠡᠢ︾ ᠬᠡᠰᠡᠨ ᠵᠢᠭᠠᠪᠥᠷᠢ ᠪᠤᠯ ᠴᠠᠭ ᠲᠠᠭᠠᠨ ᠲᠤᠬᠢᠷᠠᠬᠰᠠᠨ ᠮᠠᠰᠢ ᠴᠢᠬᠤᠯᠠ ᠵᠢᠭᠠᠪᠥᠷᠢ ᠪᠤᠯᠤᠨ᠎ᠠ᠃
ᠴᠧᠨ ᠯᠢᠶᠠᠩ ︵ᠪᠥᠬᠦ ᠣᠯᠣᠰ ᠤᠨ ᠠᠷᠠᠳ ᠤᠨ ᠲᠥᠯᠥᠭᠡᠯᠡᠭᠴᠢ︶᠄ ᠪᠠᠶᠢᠭᠠᠯᠢ ᠤᠷᠴᠢᠨ ᠤ ᠪᠠᠨ ᠣᠨᠴᠠᠯᠢᠭ ᠰᠢᠨᠵᠢ ᠶᠢ ᠰᠠᠶᠢᠨ ᠲᠠᠨᠢᠵᠦ᠂ ᠰᠠᠶᠢᠨ ᠡᠵᠡᠮᠳᠡᠵᠦ ᠂ ᠰᠠᠶᠢᠨ ᠵᠠᠳᠠᠯᠵᠦ ᠰᠢᠨᠵᠢᠯᠡᠬᠦ ᠴᠢᠬᠤᠯᠠᠳᠠᠢ᠃ ᠡᠨᠡ ᠪᠤᠯ ᠠᠵᠦ ᠠᠬᠤᠢ ᠪᠤᠯᠤᠨ ᠠᠮᠢ ᠠᠬᠤᠢ ᠶᠢᠨ ᠬᠠᠷᠢᠴᠠᠭ᠎ᠠ ᠶᠢ ᠵᠤᠬᠢᠴᠠᠭᠤᠯᠬᠤ ᠶᠢᠨ ᠤᠷᠢᠳᠠᠯ ᠨᠥᠬᠦᠴᠡᠯ᠃ ᠥᠩᠭᠡᠷᠡᠭᠰᠡᠨ ᠳᠤ ᠥᠪᠤᠷ ᠮᠤᠩᠭᠤᠯ ᠤᠨ ᠬᠢᠨ ᠭᠦᠭᠵᠢᠯᠳᠡ ᠶᠢ ᠲᠡᠷᠢᠭᠦᠨ ᠪᠠᠶᠢᠷᠢᠨ ᠳᠤ ᠲᠠᠯᠪᠢᠵᠦ ᠪᠠᠶᠢᠬᠰᠠᠨ ᠪᠤᠯ ᠤᠳᠤ ᠠᠮᠢ ᠠᠬᠤᠢ ᠶᠢ ᠲᠡᠷᠢᠭᠦᠨ ᠪᠠᠶᠢᠷᠢᠨ ᠳᠤ ᠲᠠᠯᠪᠢᠬᠰᠠᠨ ᠴᠢᠨᠠᠷᠯᠢᠭ ᠭᠦᠭᠵᠢᠯᠳᠡ ᠶᠢᠨ ᠵᠠᠮ ᠢᠶᠠᠷ ᠶᠠᠪᠤᠬᠤ ᠴᠠᠭ ᠪᠤᠯᠵᠠᠢ᠃ ᠡᠨᠡ ᠪᠤᠯ ᠶᠡᠷᠥᠩᠬᠡᠢ ᠱᠥᠵᠢ ᠶᠢᠨ ᠴᠢᠬᠤᠯᠠ ᠵᠢᠭᠠᠪᠥᠷᠢ ᠶᠤᠮ᠃
ᠪᠠᠢ ᠢᠥᠢ ᠵᠤ᠋ ︵ᠲᠤᠮᠳᠠᠳᠣ ᠣᠯᠣᠰ ᠤᠨ ᠬᠥᠳᠡᠭᠡ ᠠᠵᠦ ᠠᠬᠤᠢ ᠶᠢᠨ ᠶᠡᠭᠡ ᠰᠣᠷᠭᠠᠭᠤᠯᠢ ᠶᠢᠨ ᠫᠷᠥᠹᠧᠰᠰᠣᠷ᠂ ᠲᠤᠮᠳᠠᠳᠣ ᠣᠯᠣᠰ ᠤᠨ ᠡᠪᠡᠰᠣ ᠪᠡᠯᠴᠢᠭᠡᠷ ᠤᠨ ᠮᠡᠷᠭᠡᠵᠢᠯ ᠤᠨ ᠰᠢᠨᠵᠢᠯᠡᠬᠦ ᠤᠬᠠᠭᠠᠨᠳᠠᠨ︶᠄ ᠠᠮᠢ ᠠᠬᠤᠢ ᠪᠠᠶᠢᠭᠠᠯᠢ ᠤᠷᠴᠢᠨ ᠪᠤᠯ ᠠᠯᠢᠪᠠ ᠠᠵᠢᠯ ᠥᠢᠯᠡᠰ ᠤᠨ ᠰᠠᠭᠤᠷᠢ᠃ ᠥᠪᠤᠷ ᠮᠤᠩᠭᠤᠯ ᠤᠨ ᠠᠮᠢ ᠠᠬᠤᠢ ᠪᠠᠶᠢᠭᠠᠯᠢ ᠤᠷᠴᠢᠨ ᠮᠠᠰᠢ ᠬᠡᠪᠡᠷᠡᠭ ᠪᠠᠶᠢᠳᠠᠭ᠃ ᠬᠡᠷᠪᠡ ᠵᠥᠢ ᠵᠤᠬᠢᠰᠳᠠᠢ ᠠᠷᠭ᠎ᠠ ᠪᠤᠳᠤᠯᠭ᠎ᠠ ᠠᠪᠬᠤ ᠦᠭᠡᠢ ᠶᠤᠮ ᠪᠤᠯ ᠠᠮᠢ ᠠᠬᠤᠢ ᠶᠢᠨ ᠠᠶᠤᠯ ᠳᠤ ᠣᠴᠠᠷᠠᠬᠤ ᠪᠤᠯᠤᠨ᠎ᠠ᠃
ᠮᠸᠢ ᠬᠤᠸᠠ ︵ᠪᠥᠬᠦ ᠣᠯᠣᠰ ᠤᠨ ᠠᠷᠠᠳ ᠤᠨ ᠲᠥᠯᠥᠭᠡᠯᠡᠭᠴᠢ︶᠄ ︽ᠲᠠᠯ᠎ᠠ ᠨᠤᠳᠤᠭ ᠤᠨ ᠬᠠᠣᠯᠢ︾ ᠳᠤ ᠶᠠᠭᠠᠷᠠᠯᠳᠠᠢ ᠵᠠᠰᠠᠪᠥᠷᠢ ᠤᠷᠤᠭᠤᠯᠵᠦ ᠰᠢᠨᠡᠴᠢᠯᠡᠬᠦ ᠴᠢᠬᠤᠯᠠᠳᠠᠢ᠃ ᠪᠠᠶᠢᠭᠠᠯᠢ ᠤᠷᠴᠢᠨ ᠢ ᠬᠠᠣᠯᠢ ᠶᠢᠨ ᠵᠡᠪᠰᠡᠭ ᠢᠶᠠᠷ ᠣᠴᠢᠵᠦ ᠬᠠᠮᠠᠭᠠᠯᠠᠬᠤ ᠭᠡᠷᠡᠭᠳᠡᠢ᠃ ᠪᠠᠶᠢᠭᠠᠯᠢ ᠤᠷᠴᠢᠨ ᠢ ᠬᠠᠮᠠᠭᠠᠯᠠᠬᠤ ᠪᠤᠯ ᠵᠥᠪᠬᠡᠨ ᠮᠠᠯᠴᠢᠨ ᠲᠥᠮᠡᠨ ᠤ ᠠᠰᠠᠭᠤᠳᠠᠯ ᠪᠢᠰᠢ᠂ ᠵᠥᠪᠬᠡᠨ ᠥᠪᠤᠷ ᠮᠤᠩᠭᠤᠯ ᠤᠨ ᠠᠰᠠᠭᠤᠳᠠᠯ ᠪᠢᠰᠢ᠂ ᠬᠠᠷᠢᠨ ᠪᠥᠬᠦ ᠣᠯᠣᠰ ᠤᠨ ᠠᠰᠠᠭᠤᠳᠠᠯ ᠶᠤᠮ᠃ ᠠᠮᠢ ᠠᠬᠤᠢ ᠪᠠᠶᠢᠭᠠᠯᠢ ᠤᠷᠴᠢᠨ ᠢ ᠬᠠᠮᠠᠭᠠᠯᠠᠬᠤ ᠬᠢᠴᠢᠶᠠᠯ ᠬᠥᠮᠥᠵᠢᠯ ᠢ ᠬᠢᠳᠠᠳ ᠮᠤᠩᠭᠤᠯ ᠬᠡᠰᠡᠨ ᠢᠯᠭᠠᠭ᠎ᠠ ᠦᠭᠡᠢ ᠰᠣᠷᠭᠠᠭᠤᠯᠢ ᠪᠥᠬᠦᠨ ᠳᠤ ᠤᠷᠤᠭᠤᠯᠵᠦ᠂ ᠬᠡᠣᠬᠡᠳ ᠤᠳ ᠢ ᠬᠠᠷ᠎ᠠ ᠪᠠᠭ᠎ᠠ ᠨᠢ ᠡᠶᠢᠮᠥ ᠥᠵᠡᠯ ᠣᠬᠠᠮᠰᠠᠷ ᠲᠠᠢ ᠪᠤᠯᠭᠠᠬᠤ ᠭᠡᠷᠡᠭᠳᠡᠢ᠃
ᠰᠠᠶᠢᠨ ︵ᠲᠤᠮᠳᠠᠳᠣ ᠣᠯᠣᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠥᠨᠳᠣᠰᠣᠳᠠᠨ ᠪᠤᠯᠤᠨ ᠣᠬᠰᠠᠭ᠎ᠠ ᠵᠥᠢ ᠰᠣᠳᠣᠯᠬᠤ ᠬᠥᠷᠢᠶᠠᠯᠠᠩ ᠤᠨ ᠫᠷᠥᠹᠧᠰᠰᠣᠷ︶᠄ ᠬᠥᠮᠥᠰ ᠤᠨ ᠠᠮᠢ ᠠᠬᠤᠢ ᠪᠠᠶᠢᠭᠠᠯᠢ ᠤᠷᠴᠢᠨ ᠢᠶᠠᠨ ᠬᠠᠮᠠᠭᠠᠯᠠᠬᠤ ᠥᠵᠡᠯ ᠣᠬᠠᠮᠰᠠᠷ ᠢ ᠨᠢ ᠲᠡᠭᠡᠭᠰᠢᠯᠡᠭᠦᠯᠬᠦ ᠴᠢᠬᠤᠯᠠᠳᠠᠢ᠃ ᠣᠨᠴᠠᠭᠠᠶᠢᠯᠠᠨ ᠬᠠᠮᠢᠶᠠᠳᠠᠢ ᠭᠠᠵᠠᠷ ᠤᠷᠤᠨ ᠤ ᠳᠠᠷᠤᠭ᠎ᠠ ᠣᠳᠣᠷᠢᠳᠣᠯᠭ᠎ᠠ ᠳᠤ ᠠᠮᠢ ᠠᠬᠤᠢ ᠶᠢᠨ ᠬᠠᠮᠠᠭᠠᠯᠠᠯᠳᠠ ᠶᠢᠨ ᠲᠤᠯᠭᠠᠮ᠎ᠠ ᠴᠢᠨᠠᠷ ᠢ ᠲᠠᠨᠢᠭᠤᠯᠬᠤ ᠭᠡᠷᠡᠭᠳᠡᠢ᠃ ᠨᠥᠬᠦᠭᠡ ᠲᠠᠯ᠎ᠠ ᠪᠠᠷ ᠮᠠᠯᠴᠢᠨ ᠲᠠᠷᠢᠶᠠᠴᠢᠳ ᠤᠨ ᠠᠮᠢ ᠠᠬᠤᠢ ᠪᠠᠶᠢᠭᠠᠯᠢ ᠤᠷᠴᠢᠨ ᠢᠶᠠᠨ ᠬᠠᠮᠠᠭᠠᠯᠠᠬᠤ ᠥᠵᠡᠯ ᠣᠬᠠᠮᠰᠠᠷ ᠢ ᠨᠢ ᠲᠡᠭᠡᠭᠰᠢᠯᠡᠭᠦᠯᠵᠦ᠂ ᠲᠡᠳᠡᠨ ᠢ ᠲᠠᠶᠢᠴᠢᠯᠠᠵᠦ ᠠᠮᠢ ᠠᠬᠤᠢ ᠶᠢᠨ ᠬᠠᠮᠠᠭᠠᠯᠠᠯᠳᠠ ᠳᠤ ᠢᠳᠡᠪᠬᠢᠳᠡᠢ ᠤᠷᠤᠯᠴᠠᠭᠤᠯᠬᠤ ᠴᠢᠬᠤᠯᠠᠳᠠᠢ᠃
ᠴᠣᠯᠮᠣᠨ ︵ᠪᠥᠬᠦ ᠣᠯᠣᠰ ᠤᠨ ᠠᠷᠠᠳ ᠤᠨ ᠲᠥᠯᠥᠭᠡᠯᠡᠭᠴᠢ︶᠄ ᠮᠠᠯᠴᠢᠨ ᠲᠥᠮᠡᠨ ᠮᠠᠨᠢ ᠨᠤᠳᠤᠭ ᠣᠰᠣ᠂ ᠪᠠᠶᠢᠭᠠᠯᠢ ᠤᠷᠴᠢᠨ ᠢᠶᠠᠨ ᠨᠢᠳᠣᠨ ᠤ ᠪᠠᠨ ᠴᠡᠴᠡᠭᠡᠢ ᠰᠢᠭ ᠬᠠᠶᠢᠷᠠᠯᠠᠵᠦ ᠬᠢᠮᠠᠭᠠᠳᠠᠳᠠᠭ᠃ ᠣᠳᠣ ᠵᠠᠷᠢᠮ ᠭᠠᠵᠠᠷ ᠤᠷᠤᠨ ᠳᠤ ᠭᠤᠤᠯ ᠬᠠᠰᠢᠵᠦ᠂ ᠤᠷᠤᠰᠬᠠᠯ ᠲᠠᠰᠣᠯᠠᠬᠤ ᠥᠵᠡᠭᠳᠡᠯ ᠬᠥᠨᠳᠣ ᠨᠤᠴᠢᠳᠠᠢ ᠪᠤᠯᠵᠠᠢ᠃ ᠡᠶᠢᠮᠥ ᠠᠴᠠ ᠭᠤᠤᠯ ᠬᠠᠰᠢᠵᠦ ᠤᠷᠤᠰᠬᠠᠯ ᠲᠠᠰᠣᠯᠠᠬᠤ ᠠᠵᠢᠯᠯᠠᠭ᠎ᠠ ᠶᠢ ᠵᠤᠬᠰᠤᠭᠠᠵᠦ᠂ ᠪᠠᠶᠢᠭᠠᠯᠢ ᠤᠷᠴᠢᠨ ᠢ ᠡᠪᠳᠡᠭᠰᠡᠨ ᠡᠳᠡᠭᠡᠳ ᠢ ᠶᠠᠯᠠᠯᠠᠨ ᠰᠢᠢᠳᠭᠡᠵᠦ᠂ ᠭᠤᠣᠯ ᠭᠤᠷᠤᠬ᠎ᠠ᠂ ᠨᠠᠭᠤᠷ ᠪᠥᠷᠢᠳᠣ ᠶᠢᠨ ᠣᠩᠭᠤᠨ ᠪᠠᠶᠢᠳᠠᠯ ᠢ ᠰᠡᠷᠭᠦᠭᠡᠬᠦ ᠨᠢ ᠲᠤᠯᠭᠠᠮ᠎ᠠ ᠱᠠᠭᠠᠷᠳᠠᠯᠭ᠎ᠠ ᠪᠤᠯᠵᠦ ᠪᠠᠶᠢᠨ᠎ᠠ᠃
ᠰᠣᠷᠭᠠᠯᠳᠣ ︵ᠲᠥᠪ ᠤᠨ ᠡᠳ᠋ ᠤᠨ ᠵᠠᠰᠠᠭ ᠠᠵᠦ ᠠᠬᠤᠢ ᠶᠢᠨ ᠶᠡᠭᠡ ᠰᠣᠷᠭᠠᠭᠤᠯᠢ ᠶᠢᠨ ᠨᠡᠶᠢᠭᠡᠮ ᠤᠨ ᠭᠦᠭᠵᠢᠯᠳᠡ ᠶᠢᠨ ᠲᠡᠭᠡᠳᠣ ᠰᠣᠷᠭᠠᠭᠤᠯᠢ ᠶᠢᠨ ᠫᠷᠥᠹᠧᠰᠰᠣᠷ︶᠄ ᠶᠡᠷᠥᠩᠬᠡᠢ ᠱᠥᠵᠢ ᠰᠢ ᠶᠢᠨ ᠫᠢᠩ ᠠᠮᠢ ᠠᠬᠤᠢ ᠶᠢᠨ ᠬᠠᠮᠠᠭᠠᠯᠠᠯᠳᠠ ᠶᠢᠨ ᠲᠤᠬᠠᠢ ᠶᠠᠷᠢᠬᠤ ᠳᠠᠭᠠᠨ ︽ᠠᠶᠠᠨᠳᠠᠭᠠᠨ ᠰᠡᠷᠭᠦᠭᠡᠭᠦ ᠪᠠᠷ ᠭᠤᠤᠯ ᠴᠢᠭᠯᠡᠯ ᠪᠤᠯᠭᠠᠬᠤ︾ ᠬᠡᠰᠡᠨ ᠥᠭᠡ ᠶᠢ ᠲᠤᠷᠠᠳᠣᠬᠰᠠᠨ ᠪᠠᠶᠢᠨ᠎ᠠ᠃ ᠡᠨᠡ ᠪᠤᠯ ᠪᠠᠶᠢᠭᠠᠯᠢ ᠶᠢᠨ ᠵᠢᠮ᠎ᠠ ᠶᠤᠰᠤ ᠶᠢ ᠮᠠᠰᠢ ᠣᠨᠣᠪᠴᠢᠳᠠᠢ ᠣᠨᠣᠭᠠᠵᠦ ᠬᠡᠯᠡᠭᠰᠡᠨ ᠥᠭᠡ ᠶᠤᠮ᠃ ᠥᠪᠤᠷ ᠮᠤᠩᠭᠤᠯ ᠤᠨ ᠠᠮᠢ ᠠᠬᠤᠢ ᠪᠠᠶᠢᠭᠠᠯᠢ ᠤᠷᠴᠢᠨ ᠢ ᠬᠠᠮᠠᠭᠠᠯᠠᠵᠦ ᠰᠡᠷᠭᠦᠭᠡᠬᠦ ᠳᠤ ᠵᠠᠪᠠᠯ ᠪᠠᠶᠢᠭᠠᠯᠢ ᠶᠢᠨ ᠵᠢᠮ᠎ᠠ ᠶᠤᠰᠤ ᠪᠠᠷ ᠠᠵᠢᠯᠯᠠᠬᠤ ᠭᠡᠷᠡᠭᠳᠡᠢ᠃ ᠬᠠᠷᠢᠨ ᠨᠢᠭᠡ ᠵᠥᠢᠯ ᠤᠨ ᠠᠷᠭ᠎ᠠ ᠬᠡᠯᠪᠡᠷᠢ ᠶᠢ ᠭᠠᠵᠠᠷ ᠪᠤᠯᠭᠠᠨ ᠳᠤ ᠲᠤᠬᠤᠵᠦ ᠪᠤᠯᠬᠤ ᠦᠭᠡᠢ᠃ᠨᠠᠶᠢᠷᠠᠭᠤᠯᠤᠬᠴᠢ᠄ ᠪᠤᠶᠡᠨᠳᠡᠭᠰᠢᠬᠢᠨᠠᠬᠴᠢ᠄ ᠪᠤᠯᠤᠳᠪᠠᠭᠠᠳᠣᠷᠰᠥᠯᠵᠢᠶᠡᠨ ᠤ ᠨᠠᠶᠢᠷᠠᠭᠤᠯᠤᠬᠴᠢ᠄ ᠷᠠᠰᠢ᠂ ᠠᠯᠳᠠᠨᠳᠥ᠋ᠰᠢ
ᠢᠷᠡᠯᠲᠡ᠄ ᠳᠤᠮᠳᠠᠳᠤ ᠤᠯᠤᠰ ᠤᠨ ᠮᠣᠩᠭᠤᠯ ᠷᠠᠳᠢᠣ᠋ ᠰᠥᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ