ᠭᠡᠰᠢᠬᠦᠨ ᠠᠯᠳᠠᠨᠰᠠᠩ᠄ ᠲᠤᠮᠳᠠᠳᠤ ᠶᠢᠨ ᠦᠨᠳᠤᠰᠤᠳᠡᠨ ᠨᠦᠭᠦᠳ ᠤᠨ ᠰᠤᠶᠤᠯ ᠨᠢ ᠶᠠᠪᠤᠯᠴᠠᠭ᠎ᠠ ᠰᠤᠯᠢᠯᠴᠠᠭᠠᠠᠭᠤᠰᠤᠯᠴᠠᠯ ᠤᠨ ᠶᠠᠪᠤᠴᠠ ᠳᠤ | ᠠᠳᠠᠯᠢ ᠪᠤᠰᠤ ᠵᠦᠢᠯᠡᠰ ᠢ ᠠᠭᠤᠯᠤᠨ ᠬᠠᠳᠠᠭᠠᠯᠠᠵᠤ᠂ ᠦᠷᠤᠭᠡᠯ ᠪᠤᠰᠤᠳ ᠤᠨ ᠰᠠᠶᠢᠨ ᠲᠠᠢᠲ᠋ᠠᠯᠠ ᠶᠢ ᠦᠷᠭᠡᠨ ᠢᠶᠠᠷ ᠰᠢᠩᠭᠡᠭᠡᠨ ᠠᠪᠴᠤ ᠪᠠᠶᠢᠨ᠎ᠠ᠂ ︽ᠪᠤᠰᠤᠳ | ᠤᠨ ᠭᠤᠶᠤ ᠰᠠᠶᠢᠬᠠᠨ ᠢ ᠪᠠᠭ᠋ᠠᠷᠬᠠᠵᠤ᠂ ᠭᠤᠶᠤ ᠰᠠᠶᠢᠬᠠᠨᠪᠦ᠋ᠬᠦᠨ ᠢ ᠨᠡᠶᠢᠯᠡᠬᠦᠯᠪᠠᠯ᠂ ᠬᠤᠤᠰ ᠦᠭᠡᠢ ᠭᠤᠶᠤ ᠰᠠᠶᠢᠬᠠᠨ ᠪᠦᠷᠢᠯᠳᠤᠨ᠎ᠠ︾ ᠭᠡᠵᠤ ᠬᠡᠯᠡᠵᠠᠢ᠃ | | ᠭᠡᠰᠢᠬᠦᠨ ᠠᠯᠳᠠᠨᠰᠠᠩ ᠮᠤᠩᠭᠤᠯᠴᠤᠳ ᠤᠨ ︽ᠬᠤᠭᠤᠷ ᠤᠨ ᠦᠯᠢᠭᠡᠷ︾ ᠢᠶᠠᠷ ᠵᠢᠱᠢᠶ᠎ᠡ ᠲᠠᠳᠠᠵᠤ ᠡᠨᠡ ᠬᠦ ᠠᠰᠠᠭᠤᠳᠠᠯ ᠢ ᠲᠤᠳᠤᠷᠬᠠᠶᠢᠯᠠᠵᠠᠢ᠃ ᠲᠡᠷᠡ᠄ | ᠬᠤᠭᠤᠷ ᠤᠨ ᠦᠯᠢᠭᠡᠷ ᠨᠢ ᠬᠤᠭᠤᠷ ᠪᠠ ᠦᠯᠢᠭᠡᠷ ᠢᠶᠠᠷ ᠪᠦᠷᠢᠯᠳᠤᠵᠤ ᠪᠠᠶᠢᠳᠠᠭ᠂ ᠮᠤᠩᠭᠤᠯᠦᠨᠳᠤᠰᠤᠳᠡᠨ ᠤ ᠰᠢᠯᠢᠳᠡᠭ ᠤᠯᠠᠮᠵᠢᠯᠠᠯᠳᠤ ᠰᠤᠶᠤᠯ ᠤᠨ ᠨᠢᠭᠡ | ᠵᠦᠢᠯ ᠤᠨ ᠢᠯᠡᠷᠡᠬᠦ ᠬᠡᠯᠪᠡᠷᠢ ᠪᠤᠯᠤᠨ᠎ᠠ᠃ ᠬᠤᠭᠤᠷ ᠤᠨᠦᠯᠢᠭᠡᠷ ᠤᠨ ᠰᠡᠳᠤᠪ ᠨᠢ ᠮᠠᠰᠢ ᠦᠷᠭᠡᠨ ᠲᠡᠯᠭᠡᠷᠡᠩᠬᠦᠢ ᠪᠠᠶᠢᠳᠠᠭ᠂ ᠮᠤᠩᠭᠤᠯᠴᠤᠳ ᠤᠨ ᠲᠡᠤᠭᠡᠨ | ᠳᠠᠬᠢ ︽ᠵᠢᠩᠭᠠᠷ︾ ᠵᠡᠷᠭᠡᠪᠠᠨᠭᠠᠳᠤᠷᠯᠢᠭ ᠲᠤᠤᠯᠢᠰ ᠢ ᠬᠠᠷᠠᠭᠤᠯᠤᠭᠰᠠᠨ ᠠᠴᠠ ᠭᠠᠳᠠᠨ᠎ᠠ᠂ ︽ᠭᠤᠷᠪᠠᠨ ᠤᠯᠤᠰ ᠤᠨ ᠦᠯᠢᠭᠡᠷ︾ ᠵᠡᠷᠭᠡ ᠬᠢᠳᠡᠳ ᠨᠤᠮ | ᠤᠨᠮᠤᠩᠭᠤᠯ ᠤᠷᠴᠢᠭᠤᠯᠭ᠎ᠠ ᠴᠦ ᠶᠡᠭᠡ ᠤᠯᠠᠨ ᠬᠠᠷᠠᠭᠳᠠᠨ᠎ᠠ᠃ ᠬᠤᠭᠤᠷ ᠤᠨ ᠦᠯᠢᠭᠡᠷ ᠤᠨ ᠶᠠᠷᠢᠬᠳᠠᠬᠤ ᠶᠢ ᠲᠠᠭᠠᠯᠳᠤᠨ᠂ᠮᠤᠩᠭᠤᠯ ᠬᠢᠳᠡᠳ ᠬᠤᠶᠠᠷ | ᠦᠨᠳᠤᠰᠤᠳᠡᠨ ᠤ ᠬᠤᠭᠤᠷᠤᠨᠳᠤᠬᠢ ᠦᠢᠯᠠᠭᠠᠯᠴᠠᠭ᠎ᠠ ᠶᠠᠪᠤᠯᠴᠠᠭ᠎ᠠ ᠴᠦ ᠤᠯᠠᠮ ᠢᠶᠠᠷ ᠨᠡᠮᠡᠭᠳᠡᠭᠰᠡᠨ ᠶᠤᠮ᠂ ᠭᠡᠬᠦ ᠳᠡᠭᠡᠨ ᠶᠠᠪᠤᠯᠴᠠᠭ᠎ᠠ ᠰᠤᠯᠢᠯᠴᠠᠭ᠎ᠠ ᠶᠢᠨ | ᠶᠠᠪᠤᠴᠠ ᠨᠢ ᠶᠠᠷᠢᠶᠠᠨ ᠦᠭᠡᠢ ᠢᠵᠢᠯ ᠴᠢᠨᠠᠷ ᠢ ᠨᠡᠮᠡᠭᠳᠡᠬᠦᠯᠬᠦ ᠶᠤᠮ ᠭᠡᠵᠤᠬᠡᠯᠡᠵᠠᠢ᠃ | ᠰᠢᠨ᠎ᠠ ᠴᠠᠭ ᠦᠶ᠎ᠠ ᠳᠤ ᠤᠷᠤᠬᠰᠠᠨ ᠤ ᠲᠠᠷᠠᠭ᠎ᠠ᠂ ᠰᠢᠨ᠎ᠠ ᠬᠥᠭᠵᠢᠯᠳᠡ ᠶᠢᠨ ᠦᠢᠯᠠᠭᠠᠭᠳᠠᠬᠤᠨ᠂ ᠰᠢᠨ᠎ᠠ ᠮᠡᠷᠭᠡᠵᠢᠯᠤᠨ ᠠᠷᠭ᠎ᠠ ᠪᠠᠷᠢᠯ᠂ ᠰᠢᠨ᠎ᠠ | ᠢᠯᠡᠳᠭᠡᠬᠦ ᠠᠷᠭ᠎ᠠ ᠮᠠᠶ᠋ᠢᠭ ᠢ ᠴᠦᠭᠡᠨ ᠲᠤᠭᠠᠳᠤ ᠦᠨᠳᠤᠰᠤᠳᠡᠨ ᠤ ᠡᠶᠢᠮᠤᠷᠬᠦ ᠰᠢᠯᠢᠳᠡᠭᠤᠯᠠᠮᠵᠢᠯᠠᠯᠳᠤ ᠰᠤᠶᠤᠯ ᠲᠠᠢ ᠤᠶᠠᠯᠳᠤᠭᠤᠯᠬᠤ ᠨᠢ ᠢᠯᠭᠠᠭ᠎ᠠ | ᠵᠦᠷᠢᠶ᠎ᠡ ᠶᠢ ᠬᠥᠨᠳᠤᠳᠭᠡᠬᠦ᠂ ᠤᠯᠠᠨ ᠵᠦᠢᠯ ᠢ ᠠᠭᠤᠳᠠᠮᠴᠢ ᠪᠡᠷᠪᠠᠭᠳᠠᠭᠠᠭᠰᠠᠨ ︽ᠤᠯᠠᠨ ᠡᠰᠢᠳᠤ ᠨᠢᠭᠡ ᠴᠤᠭᠴᠠ︾ ᠪᠦᠬᠦᠢ ᠦᠨᠳᠤᠰᠤᠳᠡᠨ ᠤ | ᠠᠭᠤᠰᠤᠯᠴᠠᠯ ᠢ ᠪᠡᠶᠡᠯᠡᠬᠦᠯᠤᠨ᠂ ︽ᠴᠢᠨᠤᠲ᠋ᠤᠳᠤᠷᠠ ᠪᠢ ᠪᠠᠶᠢᠬᠤ᠂ ᠮᠢᠨᠤ ᠲᠤᠳᠤᠷ᠎ᠠ ᠴᠢ ᠪᠠᠶᠢᠬᠤ︾ ᠬᠤᠪᠢ ᠵᠠᠶᠠᠭᠠᠨ ᠤ ᠬᠠᠮᠳᠤ ᠶᠢᠨ ᠴᠤᠭᠴᠠ ᠶᠢ ᠪᠤᠢ | ᠪᠤᠯᠭᠠᠬᠤ ᠳ᠋ᠥᠴᠢᠬᠤᠯᠠ ᠪᠤᠳᠠᠳᠤ ᠠᠴᠢ ᠬᠤᠯᠪᠤᠬᠳᠠᠯ ᠲᠠᠢ ᠶᠤᠮ᠃ | ᠡᠬᠦᠨ ᠤ ᠲᠤᠯᠠᠳᠠ᠂ ᠭᠡᠰᠢᠬᠦᠨ ᠠᠯᠳᠠᠨᠰᠠᠩ ᠲᠤᠤᠷᠡᠬᠢ ᠭᠤᠷᠪᠠᠨ ᠲᠠᠯ᠎ᠠ ᠠᠴᠠ ︽ᠬᠤᠭᠤᠷ ᠤᠨ ᠦᠯᠢᠭᠡᠷ︾ ᠤᠨᠰᠢᠨᠠ ᠶᠢ ᠡᠬᠦᠳᠬᠦ ᠬᠥᠭᠵᠢᠯᠳᠡ | ᠶᠢ ᠪᠡᠶᠡᠯᠡᠬᠦᠯᠬᠦ ᠶᠢ ᠰᠠᠨᠠᠭᠤᠯᠪᠠ᠄ | 1. ᠤᠯᠤᠰ ᠤᠨ ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ ᠠᠴᠠ ︽ᠬᠤᠭᠤᠷ ᠤᠨ ᠦᠯᠢᠭᠡᠷ ᠢ ᠤᠯᠠᠮᠵᠢᠯᠠᠨᠵᠠᠯᠭᠠᠮᠵᠢᠯᠠᠵᠤ ᠬᠤᠭᠤᠷ ᠤᠨ | ᠦᠯᠢᠭᠡᠷ ᠤᠨ ᠰᠢᠨ᠎ᠠ ᠶᠢ ᠡᠬᠦᠳᠬᠦ︾ ᠰᠤᠳᠤᠯᠭᠠᠨ ᠤ ᠲᠦᠰᠤᠯ ᠢ ᠪᠠᠶᠢᠭᠤᠯᠵᠤ᠂ ᠰᠢᠨᠵᠢᠯᠡᠬᠦᠤᠬᠠᠭᠠᠨ ᠤ ᠰᠤᠳᠤᠯᠭᠠᠨ ᠤ ᠦᠢᠯᠡᠳᠤᠯ ᠢ ᠪᠠᠳᠠᠷᠠᠭᠤᠯᠤᠨ᠂ | ᠴᠢᠳᠠᠪᠤᠷᠢᠳᠠᠨ ᠤ ᠡᠬᠢ ᠪᠠᠶᠠᠯᠢᠭ ᠢ ᠲᠦᠪᠯᠡᠷᠡᠬᠦᠯᠵᠤ᠂ ᠬᠤᠭᠤᠷᠤᠨ ᠦᠯᠢᠭᠡᠷ ᠢ ᠤᠯᠠᠮᠵᠢᠯᠠᠨ ᠵᠠᠯᠭᠠᠮᠵᠢᠯᠠᠵᠤ ᠬᠥᠭᠵᠢᠬᠦᠯᠬᠦ ᠲᠤᠬᠠᠢ ᠪᠦᠬᠦ ᠲᠠᠯ᠎ᠠ ᠪᠠᠷ | ᠰᠤᠳᠤᠯᠵᠤ᠂ ᠬᠥᠭᠵᠢᠯᠳᠡ ᠶᠢᠨ ᠰᠢᠵᠢᠮᠰᠤᠳᠡᠰᠤ ᠪᠤᠯᠤᠨ ᠰᠤᠳᠤᠯᠭᠠᠨ ᠤ ᠦᠷ᠎ᠡ ᠪᠦᠳᠤᠭᠡᠯ ᠤᠨ ᠰᠢᠰᠲ᠋ᠧᠮᠵᠢᠭᠰᠡᠨ ᠵᠢᠷᠤᠭ ᠤᠨ ᠵᠢᠬᠰᠠᠯ ᠢ ᠪᠤᠢ ᠪᠤᠯᠭᠠᠵᠤ᠂ | ᠤᠯᠤᠰ᠂ᠭᠠᠵᠠᠷ ᠤᠷᠤᠨ ᠤ ᠬᠤᠭᠤᠷ ᠤᠨ ᠦᠯᠢᠭᠡᠷ ᠤᠨ ᠪᠤᠳᠡᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ ᠠᠵᠢᠯ ᠳᠤ ᠲᠤᠯᠢᠳᠠᠯᠪᠠ ᠯᠠᠪᠯᠠᠯᠳᠠ | ᠬᠠᠩᠭᠠᠨ᠎ᠠ᠃ ᠪᠦᠳᠤᠭᠡᠯ ᠴᠤᠭᠯᠠᠭᠤᠯᠤᠨ᠂ ᠡᠷᠳᠡᠮᠳᠡᠳ ᠤᠨ ᠰᠢᠨ᠎ᠠ ᠴᠠᠭ ᠦᠶ᠎ᠠ ᠶᠢᠨ ᠲᠤᠤᠯᠢ ᠵᠤᠬᠢᠶᠠᠨᠪᠦ᠋ᠳᠤᠭᠡᠬᠦ ᠶᠢ ᠵᠤᠷᠢᠬᠵᠢᠭᠤᠯᠵᠤ᠂ ︽ᠤᠯᠠᠨ | ᠲᠦᠮᠡᠨ ᠲᠠᠢ ᠦᠢᠷᠠᠳᠤᠭᠰᠠᠨ᠂ ᠤᠯᠠᠮᠵᠢᠯᠠᠵᠤ ᠲᠠᠶᠢᠯᠬᠦ ᠪᠠ ᠦᠯᠡᠳᠡᠵᠤ ᠲᠡᠶᠢᠯᠬᠦ︾ᠪᠦᠳᠤᠭᠡᠯ ᠢ ᠨᠡᠩ ᠤᠯᠠᠨ ᠵᠤᠬᠢᠶᠠᠨ ᠪᠦᠳᠤᠭᠡᠨᠠ᠃ ᠴᠦᠭᠡᠨ ᠲᠤᠭᠠᠳᠤ | ᠦᠨᠳᠤᠰᠤᠳᠡᠨ ᠤ ᠤᠯᠠᠮᠵᠢᠯᠠᠯᠳᠤ ᠤᠷᠠᠯᠢᠭ ᠤᠨᠬᠡᠯᠪᠡᠷᠢ ᠪᠠᠷ ᠰᠢᠨ᠎ᠠ ᠴᠠᠭ ᠦᠶ᠎ᠠ ᠶᠢᠨ ᠦᠯᠢᠭᠡᠷ ᠢ ᠶᠠᠷᠢᠵᠤ᠂ ᠤᠯᠠᠮᠵᠢᠯᠠᠯᠳᠤ ᠤᠷᠠᠯᠢᠭ ᠤᠨ ᠬᠡᠯᠪᠡᠷᠢ ᠳᠤ | ᠰᠢᠨ᠎ᠠ ᠠᠮᠢᠵᠢᠷᠠᠯᠤᠨ ᠬᠥᠴᠤᠨ ᠢ ᠤᠯᠭᠤᠨ᠎ᠠ᠃ ᠪᠡᠯᠡ ᠮᠦᠩᠬᠦ ᠤᠷᠤᠭᠤᠯᠤᠨ ᠲᠤᠭ᠎ᠠ ᠪᠠᠷᠢᠮᠳᠠ ᠶᠢᠨ ᠪᠦᠳᠤᠴᠠ ᠶᠢᠨ ᠪᠠᠷᠢᠮᠵᠢᠶ᠎ᠠ ᠨᠢᠨᠢᠭᠡᠳᠤᠯᠳᠠᠢ᠂ | ᠮᠡᠳᠡᠭᠡ ᠵᠠᠩᠬᠢ ᠨᠢ ᠬᠠᠷᠢᠯᠴᠠᠨ ᠨᠡᠪᠳᠡᠷᠡᠵᠤ ᠬᠠᠮᠳᠤ ᠪᠠᠷ ᠡᠳ᠋ᠯᠡᠵᠤ ᠲᠠᠶᠢᠯᠬᠦ ᠬᠤᠭᠤᠷ ᠤᠨ ᠦᠯᠢᠭᠡᠷ ᠤᠨᠭᠠᠷᠴᠠᠭ ᠤᠨ ᠲᠤᠭ᠎ᠠ ᠪᠠᠷᠢᠮᠳᠠ ᠶᠢᠨ | ᠬᠥᠮᠤᠷᠭᠡ᠂ ᠤᠯᠠᠮᠵᠢᠯᠠᠨ ᠵᠠᠯᠭᠠᠮᠵᠢᠯᠠᠬᠤ ᠴᠢᠳᠠᠪᠤᠷᠢᠳᠠᠨ ᠤ ᠲᠤᠭ᠎ᠠ ᠪᠠᠷᠢᠮᠳᠠ ᠵᠢᠨᠬᠥ᠋ᠮᠤᠷᠭᠡ᠂ ᠰᠤᠳᠤᠯᠭᠠᠨ ᠤ ᠦᠷ᠎ᠡ ᠪᠦᠳᠤᠭᠡᠯ ᠤᠨ ᠲᠤᠭ᠎ᠠ ᠪᠠᠷᠢᠮᠳᠠ | ᠶᠢᠨ ᠬᠥᠮᠤᠷᠭᠡ ᠶᠢ ᠪᠠᠶᠢᠭᠤᠯᠤᠨ᠎ᠠ᠃ | 2. ᠬᠤᠭᠤᠷ ᠤᠨ ᠦᠯᠢᠭᠡᠷ ᠵᠡᠷᠭᠡ ᠴᠦᠭᠡᠨ ᠲᠤᠭᠠᠳᠤ ᠦᠨᠳᠤᠰᠤᠳᠡᠨ ᠤ ᠤᠯᠠᠮᠵᠢᠯᠠᠯᠳᠤ ᠰᠤᠶᠤᠯ ᠤᠨ ᠤᠷᠠᠯᠢᠭ ᠤᠨᠬᠡᠯᠪᠡᠷᠢ ᠶᠢ ᠤᠯᠠᠨ ᠠᠷᠭ᠎ᠠ ᠵᠠᠮ | ᠢᠶᠠᠷ ᠲᠡᠯᠭᠡᠷᠡᠬᠦᠯᠤᠨ᠂ ᠰᠤᠶᠤᠯ ᠤᠨ ᠴᠡᠴᠡᠭᠯᠡᠯ ᠬᠥᠭᠵᠢᠯ ᠢ ᠪᠡᠶᠡᠯᠡᠬᠦᠯᠤᠨ᠎ᠠ᠃ ︽ᠢᠨᠲ᠋ᠧᠷᠰᠦ᠋ᠯᠵᠢᠶᠠ +︾ ᠶᠢ ᠠᠰᠢᠭᠯᠠᠨ ᠬᠤᠭᠤᠷ ᠤᠨ ᠦᠯᠢᠭᠡᠷ ᠤᠨ | ᠰᠤᠶᠤᠯ ᠤᠨ ᠪᠦᠳᠤᠭᠡᠯᠴᠢ ᠰᠡᠳᠬᠢᠮᠵᠢ ᠳᠤ ᠮᠡᠳᠡᠭᠡ ᠵᠠᠩᠬᠢ᠂ᠪᠡᠯᠡ ᠮᠦᠩᠬᠦ᠂ ᠴᠢᠳᠠᠪᠤᠷᠢᠳᠠᠨ ᠢ ᠡᠮᠬᠢᠯᠡᠨ ᠨᠡᠶᠢᠯᠡᠬᠦᠯᠵᠤ ᠦᠭᠬᠦ ᠶᠢ ᠰᠦᠪᠡᠭᠴᠢᠯᠡᠨ᠎ᠠ᠃ ᠠᠬᠤᠢ | ᠲᠠᠯᠠᠪᠠᠢ ᠶᠢᠨ ᠲᠤᠬᠯᠠᠯᠳᠠ᠂ᠷᠠᠳᠢᠤ᠋ ᠨᠡᠪᠳᠡᠷᠡᠬᠦᠯᠭᠡ ᠲᠧᠯᠸᠢᠰ᠂ ᠰᠦᠯᠵᠢᠶ᠎ᠠ ᠪᠠᠷ ᠤᠯᠠᠮᠵᠢᠯᠠᠨ ᠲᠠᠷᠬᠠᠭᠠᠬᠤ ᠶᠢ ᠤᠶᠠᠯᠳᠤᠭᠤᠯᠤᠭᠰᠠᠨ ᠲᠡᠯᠭᠡᠷᠡᠬᠦᠯᠬᠦ ᠰᠢᠰᠲ᠋ᠧᠮᠢ | ᠲᠦᠷᠭᠡᠨ ᠢᠶᠠᠷ ᠪᠠᠶᠢᠭᠤᠯᠤᠨ᠎ᠠ᠃ ᠬᠤᠭᠤᠷ ᠤᠨ ᠦᠯᠢᠭᠡᠷ ᠢ ᠰᠤᠷᠭᠠᠭᠤᠯᠢ ᠶᠢᠨ ᠬᠥᠷᠢᠶᠡᠨ ᠳᠤ ᠤᠷᠤᠭᠤᠯᠬᠤ ᠵᠢᠠᠬᠢᠭᠤᠯᠤᠨᠠ᠃ | 3. ᠲᠤᠰᠬᠠᠢ ᠵᠦᠢᠯ ᠤᠨ ᠬᠥᠬᠢᠬᠦᠯᠤᠯ ᠱᠠᠩᠨᠠᠯ ᠭᠠᠷᠭᠠᠵᠤ᠂ ᠬᠤᠭᠤᠷ ᠤᠨ ᠦᠯᠢᠭᠡᠷ ᠵᠡᠷᠭᠡ ᠴᠦᠭᠡᠨ ᠲᠤᠭᠠᠳᠤᠦᠨᠳᠤᠰᠤᠳᠡᠨ ᠤ ᠤᠯᠠᠮᠵᠢᠯᠠᠯᠳᠤ | ᠰᠤᠶᠤᠯ ᠤᠷᠠᠯᠢᠭ ᠢ ᠬᠠᠮᠠᠭᠠᠯᠠᠬᠤ ᠠᠵᠢᠯ ᠢ ᠰᠠᠶᠢᠨ ᠬᠢᠨ᠎ᠠ᠃ ᠲᠤᠰᠬᠠᠢ ᠵᠦᠢᠯ ᠤᠨ ᠱᠠᠩᠨᠠᠯᠤᠨ ᠠᠷᠭ᠎ᠠ ᠮᠠᠶ᠋ᠢᠭ ᠢᠶᠠᠷ ᠲᠡᠮᠵᠢᠭᠤᠯᠤᠨ᠂ ᠬᠤᠭᠤᠷ ᠤᠨ ᠦᠯᠢᠭᠡᠷ | ᠤᠨ ᠤᠷᠠᠯᠢᠭ ᠤᠨ ᠴᠢᠳᠠᠪᠤᠷᠢᠳᠠᠨ ᠢ ᠬᠥᠮᠤᠵᠢᠬᠦᠯᠤᠨᠵᠤᠷᠢᠬᠵᠢᠭᠤᠯᠬᠤ ᠪᠤᠯ ᠬᠤᠭᠤᠷ ᠤᠨ ᠦᠯᠢᠭᠡᠷ ᠤᠨ ᠰᠤᠶᠤᠯ ᠤᠷᠠᠯᠢᠭ ᠢ ᠬᠠᠮᠠᠭᠠᠯᠠᠬᠤ᠂ ᠤᠯᠠᠮᠵᠢᠯᠠᠨ | ᠵᠠᠯᠭᠠᠮᠵᠢᠯᠠᠬᠤ᠂ ᠬᠤᠭᠤᠷᠤᠨ ᠦᠯᠢᠭᠡᠷ ᠤᠨ ᠰᠤᠶᠤᠯ ᠤᠷᠠᠯᠢᠭ ᠤᠨ ᠰᠢᠨ᠎ᠠ ᠶᠢ ᠡᠬᠦᠳᠬᠦ ᠶᠢᠨ ᠬᠠᠮᠤᠭ ᠤᠨ ᠰᠢᠭᠤᠳ ᠠᠷᠭ᠎ᠠ ᠵᠠᠮ ᠮᠦᠨ᠂ ᠡᠨᠡ | ᠨᠢᠬᠤᠭᠤᠷ ᠤᠨ ᠦᠯᠢᠭᠡᠷ ᠤᠨ ᠰᠤᠶᠤᠯ ᠤᠷᠠᠯᠢᠭ ᠢ ︽ᠬᠠᠳᠠᠭᠠᠯᠠᠬᠤ ᠴᠢᠨᠠᠷᠳᠠᠢ ᠬᠠᠮᠠᠭᠠᠯᠠᠯᠳᠠ︾ ᠠᠴᠠ ︽ᠦᠢᠯᠡᠳᠪᠤᠷᠢᠯᠡᠬᠦᠴᠢᠨᠠᠷᠳᠠᠢ ᠬᠠᠮᠠᠭᠠᠯᠠᠯᠳᠠ︾ ᠳᠤ | ᠰᠢᠯᠵᠢᠬᠦᠯᠬᠦ ᠳᠤ ᠬᠥᠳᠡᠯᠭᠡᠬᠦ ᠬᠥᠴᠤᠨ ᠬᠠᠩᠭᠠᠵᠤ ᠦᠭᠬᠦ ᠪᠤᠯᠤᠨ᠎ᠠ᠃ | |