ᠭᠡᠰᠢᠬᠦᠨ ᠠᠯᠳᠠᠨᠰᠠᠩ᠄ ᠦᠨᠳᠤᠰᠤᠳᠡᠨ ᠨᠦᠭᠦᠳ ᠤᠨ ᠰᠢᠯᠢᠳᠡᠭ ᠤᠯᠠᠮᠵᠢᠯᠠᠯᠳᠤ ᠰᠤᠶᠤᠯ ᠢ ᠵᠦᠪ ᠢᠶᠠᠷ ᠦᠢᠯᠠᠭᠠᠨ ᠲᠠᠨᠢᠵᠤ  ᠦᠨᠳᠤᠰᠤᠳᠡᠨ ᠨᠦᠭᠦᠳ ᠤᠨ ᠬᠤᠭᠤᠷᠤᠨᠳᠤᠬᠢ ᠰᠤᠶᠤᠯ ᠤᠨ ᠰᠤᠯᠢᠯᠴᠠᠭ᠎ᠠ ᠠᠭᠤᠰᠤᠯᠴᠠᠯ ᠢ ᠨᠡᠮᠡᠭᠳᠡᠬᠦᠯᠤᠶ᠎ᠠ
ᠨᠡᠶᠢᠲᠡᠯᠡᠭᠰᠡᠨ ᠴᠠᠭ᠄
2019-03-11
      ᠭᠡᠰᠢᠬᠦᠨ ᠠᠯᠳᠠᠨᠰᠠᠩ᠄ ᠲᠤᠮᠳᠠᠳᠤ ᠶᠢᠨ ᠦᠨᠳᠤᠰᠤᠳᠡᠨ ᠨᠦᠭᠦᠳ   ᠤᠨ  ᠰᠤᠶᠤᠯ   ᠨᠢ  ᠶᠠᠪᠤᠯᠴᠠᠭ᠎ᠠ  ᠰᠤᠯᠢᠯᠴᠠᠭ᠎ᠠ‌ᠠᠭᠤᠰᠤᠯᠴᠠᠯ ᠤᠨ ᠶᠠᠪᠤᠴᠠ ᠳᠤ ᠠᠳᠠᠯᠢ ᠪᠤᠰᠤ ᠵᠦᠢᠯᠡᠰ ᠢ ᠠᠭᠤᠯᠤᠨ ᠬᠠᠳᠠᠭᠠᠯᠠᠵᠤ᠂ ᠦᠷᠤᠭᠡᠯ ᠪᠤᠰᠤᠳ ᠤᠨ  ᠰᠠᠶᠢᠨ  ᠲᠠᠢ‌‍ᠲ᠋ᠠᠯ᠎ᠠ ᠶᠢ ᠦᠷᠭᠡᠨ ᠢᠶᠠᠷ ᠰᠢᠩᠭᠡᠭᠡᠨ ᠠᠪᠴᠤ ᠪᠠᠶᠢᠨ᠎ᠠ᠂ ︽ᠪᠤᠰᠤᠳ ᠤᠨ ᠭᠤᠶᠤ ᠰᠠᠶᠢᠬᠠᠨ ᠢ ᠪᠠᠭ᠋ᠠᠷᠬᠠᠵᠤ᠂  ᠭᠤᠶᠤ  ᠰᠠᠶᠢᠬᠠᠨ‌‍ᠪᠦ᠋ᠬᠦᠨ ᠢ ᠨᠡᠶᠢᠯᠡᠬᠦᠯᠪᠠᠯ᠂ ᠬᠤᠤᠰ ᠦᠭᠡᠢ ᠭᠤᠶᠤ ᠰᠠᠶᠢᠬᠠᠨ ᠪᠦᠷᠢᠯᠳᠤᠨ᠎ᠠ︾ ᠭᠡᠵᠤ ᠬᠡᠯᠡᠵᠠᠢ᠃              ᠭᠡᠰᠢᠬᠦᠨ ᠠᠯᠳᠠᠨᠰᠠᠩ ᠮᠤᠩᠭᠤᠯᠴᠤᠳ ᠤᠨ ︽ᠬᠤᠭᠤᠷ ᠤᠨ ᠦᠯᠢᠭᠡᠷ︾ ᠢᠶᠠᠷ ᠵᠢᠱᠢᠶ᠎ᠡ ᠲᠠᠳᠠᠵᠤ ᠡᠨᠡ ᠬᠦ ᠠᠰᠠᠭᠤᠳᠠᠯ ᠢ ᠲᠤᠳᠤᠷᠬᠠᠶᠢᠯᠠᠵᠠᠢ᠃ ᠲᠡᠷᠡ᠄ ᠬᠤᠭᠤᠷ ᠤᠨ ᠦᠯᠢᠭᠡᠷ ᠨᠢ ᠬᠤᠭᠤᠷ ᠪᠠ ᠦᠯᠢᠭᠡᠷ ᠢᠶᠠᠷ ᠪᠦᠷᠢᠯᠳᠤᠵᠤ  ᠪᠠᠶᠢᠳᠠᠭ᠂  ᠮᠤᠩᠭᠤᠯ‌ᠦᠨᠳᠤᠰᠤᠳᠡᠨ ᠤ ᠰᠢᠯᠢᠳᠡᠭ ᠤᠯᠠᠮᠵᠢᠯᠠᠯᠳᠤ ᠰᠤᠶᠤᠯ ᠤᠨ ᠨᠢᠭᠡ ᠵᠦᠢᠯ ᠤᠨ  ᠢᠯᠡᠷᠡᠬᠦ  ᠬᠡᠯᠪᠡᠷᠢ ᠪᠤᠯᠤᠨ᠎ᠠ᠃ ᠬᠤᠭᠤᠷ  ‍ᠤᠨ‌ᠦᠯᠢᠭᠡᠷ ᠤᠨ ᠰᠡᠳᠤᠪ ᠨᠢ ᠮᠠᠰᠢ ᠦᠷᠭᠡᠨ ᠲᠡᠯᠭᠡᠷᠡᠩᠬᠦᠢ ᠪᠠᠶᠢᠳᠠᠭ᠂ ᠮᠤᠩᠭᠤᠯᠴᠤᠳ ᠤᠨ ᠲᠡᠤᠭᠡᠨ ᠳᠠᠬᠢ  ︽ᠵᠢᠩᠭᠠᠷ︾  ᠵᠡᠷᠭᠡ‌‍ᠪᠠᠨᠭᠠᠳᠤᠷᠯᠢᠭ ᠲᠤᠤᠯᠢᠰ ᠢ ᠬᠠᠷᠠᠭᠤᠯᠤᠭᠰᠠᠨ ᠠᠴᠠ ᠭᠠᠳᠠᠨ᠎ᠠ᠂ ︽ᠭᠤᠷᠪᠠᠨ ᠤᠯᠤᠰ ᠤᠨ ᠦᠯᠢᠭᠡᠷ︾ ᠵᠡᠷᠭᠡ ᠬᠢᠳᠡᠳ ᠨᠤᠮ ‍ᠤᠨ‌ᠮᠤᠩᠭᠤᠯ ᠤᠷᠴᠢᠭᠤᠯᠭ᠎ᠠ ᠴᠦ ᠶᠡᠭᠡ ᠤᠯᠠᠨ ᠬᠠᠷᠠᠭᠳᠠᠨ᠎ᠠ᠃ ᠬᠤᠭᠤᠷ   ᠤᠨ  ᠦᠯᠢᠭᠡᠷ   ᠤᠨ  ᠶᠠᠷᠢᠬᠳᠠᠬᠤ   ᠶᠢ  ᠲᠠᠭᠠᠯᠳᠤᠨ᠂ᠮᠤᠩᠭᠤᠯ ᠬᠢᠳᠡᠳ ᠬᠤᠶᠠᠷ ᠦᠨᠳᠤᠰᠤᠳᠡᠨ ᠤ ᠬᠤᠭᠤᠷᠤᠨᠳᠤᠬᠢ ᠦᠢᠯᠠᠭᠠᠯᠴᠠᠭ᠎ᠠ ᠶᠠᠪᠤᠯᠴᠠᠭ᠎ᠠ ᠴᠦ ᠤᠯᠠᠮ   ᠢᠶᠠᠷ  ᠨᠡᠮᠡᠭᠳᠡᠭᠰᠡᠨ ᠶᠤᠮ᠂ ᠭᠡᠬᠦ  ᠳᠡᠭᠡᠨ ᠶᠠᠪᠤᠯᠴᠠᠭ᠎ᠠ ᠰᠤᠯᠢᠯᠴᠠᠭ᠎ᠠ ᠶᠢᠨ ᠶᠠᠪᠤᠴᠠ ᠨᠢ ᠶᠠᠷᠢᠶᠠᠨ ᠦᠭᠡᠢ ᠢᠵᠢᠯ ᠴᠢᠨᠠᠷ ᠢ ᠨᠡᠮᠡᠭᠳᠡᠬᠦᠯᠬᠦ ᠶᠤᠮ  ᠭᠡᠵᠤ‌‍ᠬᠡᠯᠡᠵᠠᠢ᠃              ᠰᠢᠨ᠎ᠠ ᠴᠠᠭ ᠦᠶ᠎ᠠ ᠳᠤ ᠤᠷᠤᠬᠰᠠᠨ ᠤ ᠲᠠᠷᠠᠭ᠎ᠠ᠂ ᠰᠢᠨ᠎ᠠ ᠬᠥᠭᠵᠢᠯᠳᠡ ᠶᠢᠨ ᠦᠢᠯᠠᠭᠠᠭᠳᠠᠬᠤᠨ᠂ ᠰᠢᠨ᠎ᠠ  ᠮᠡᠷᠭᠡᠵᠢᠯ‌‍ᠤᠨ ᠠᠷᠭ᠎ᠠ ᠪᠠᠷᠢᠯ᠂ ᠰᠢᠨ᠎ᠠ ᠢᠯᠡᠳᠭᠡᠬᠦ ᠠᠷᠭ᠎ᠠ  ᠮᠠᠶ᠋ᠢᠭ   ᠢ  ᠴᠦᠭᠡᠨ  ᠲᠤᠭᠠᠳᠤ  ᠦᠨᠳᠤᠰᠤᠳᠡᠨ   ᠤ  ᠡᠶᠢᠮᠤᠷᠬᠦ  ᠰᠢᠯᠢᠳᠡᠭ‌ᠤᠯᠠᠮᠵᠢᠯᠠᠯᠳᠤ ᠰᠤᠶᠤᠯ ᠲᠠᠢ ᠤᠶᠠᠯᠳᠤᠭᠤᠯᠬᠤ ᠨᠢ ᠢᠯᠭᠠᠭ᠎ᠠ ᠵᠦᠷᠢᠶ᠎ᠡ ᠶᠢ ᠬᠥᠨᠳᠤᠳᠭᠡᠬᠦ᠂ ᠤᠯᠠᠨ ᠵᠦᠢᠯ ᠢ  ᠠᠭᠤᠳᠠᠮᠴᠢ  ᠪᠡᠷ‌‍ᠪᠠᠭᠳᠠᠭᠠᠭᠰᠠᠨ ︽ᠤᠯᠠᠨ ᠡᠰᠢᠳᠤ ᠨᠢᠭᠡ ᠴᠤᠭᠴᠠ︾ ᠪᠦᠬᠦᠢ ᠦᠨᠳᠤᠰᠤᠳᠡᠨ   ᠤ  ᠠᠭᠤᠰᠤᠯᠴᠠᠯ   ᠢ  ᠪᠡᠶᠡᠯᠡᠬᠦᠯᠤᠨ᠂  ︽ᠴᠢᠨᠤ‌‍ᠲ᠋ᠤᠳᠤᠷ᠎ᠠ ᠪᠢ ᠪᠠᠶᠢᠬᠤ᠂ ᠮᠢᠨᠤ ᠲᠤᠳᠤᠷ᠎ᠠ ᠴᠢ ᠪᠠᠶᠢᠬᠤ︾ ᠬᠤᠪᠢ ᠵᠠᠶᠠᠭᠠᠨ  ᠤ ᠬᠠᠮᠳᠤ ᠶᠢᠨ ᠴᠤᠭᠴᠠ ᠶᠢ ᠪᠤᠢ  ᠪᠤᠯᠭᠠᠬᠤ  ᠳ᠋ᠥ‌‍ᠴᠢᠬᠤᠯᠠ ᠪᠤᠳᠠᠳᠤ ᠠᠴᠢ ᠬᠤᠯᠪᠤᠬᠳᠠᠯ ᠲᠠᠢ ᠶᠤᠮ᠃        ᠡᠬᠦᠨ ᠤ ᠲᠤᠯᠠᠳᠠ᠂ ᠭᠡᠰᠢᠬᠦᠨ ᠠᠯᠳᠠᠨᠰᠠᠩ ᠲᠤᠤᠷᠡᠬᠢ ᠭᠤᠷᠪᠠᠨ ᠲᠠᠯ᠎ᠠ ᠠᠴᠠ  ︽ᠬᠤᠭᠤᠷ   ᠤᠨ  ᠦᠯᠢᠭᠡᠷ︾  ‍ᠤᠨ‌‍ᠰᠢᠨ᠎ᠠ ᠶᠢ ᠡᠬᠦᠳᠬᠦ ᠬᠥᠭᠵᠢᠯᠳᠡ ᠶᠢ ᠪᠡᠶᠡᠯᠡᠬᠦᠯᠬᠦ ᠶᠢ ᠰᠠᠨᠠᠭᠤᠯᠪᠠ᠄              1. ᠤᠯᠤᠰ ᠤᠨ ᠦᠨᠳᠤᠰᠤᠳᠡᠨ ᠤ ᠬᠡᠷᠡᠭ ᠡᠷᠬᠢᠯᠡᠬᠦ ᠵᠦᠪᠯᠡᠯ ᠠᠴᠠ  ︽ᠬᠤᠭᠤᠷ   ᠤᠨ  ᠦᠯᠢᠭᠡᠷ   ᠢ  ᠤᠯᠠᠮᠵᠢᠯᠠᠨ‌ᠵᠠᠯᠭᠠᠮᠵᠢᠯᠠᠵᠤ ᠬᠤᠭᠤᠷ ᠤᠨ ᠦᠯᠢᠭᠡᠷ ᠤᠨ ᠰᠢᠨ᠎ᠠ ᠶᠢ ᠡᠬᠦᠳᠬᠦ︾ ᠰᠤᠳᠤᠯᠭᠠᠨ   ᠤ  ᠲᠦᠰᠤᠯ   ᠢ  ᠪᠠᠶᠢᠭᠤᠯᠵᠤ᠂  ᠰᠢᠨᠵᠢᠯᠡᠬᠦ‌ᠤᠬᠠᠭᠠᠨ ᠤ ᠰᠤᠳᠤᠯᠭᠠᠨ ᠤ ᠦᠢᠯᠡᠳᠤᠯ ᠢ ᠪᠠᠳᠠᠷᠠᠭᠤᠯᠤᠨ᠂ ᠴᠢᠳᠠᠪᠤᠷᠢᠳᠠᠨ ᠤ ᠡᠬᠢ ᠪᠠᠶᠠᠯᠢᠭ ᠢ  ᠲᠦᠪᠯᠡᠷᠡᠬᠦᠯᠵᠤ᠂  ᠬᠤᠭᠤᠷ‌‍ᠤᠨ ᠦᠯᠢᠭᠡᠷ ᠢ ᠤᠯᠠᠮᠵᠢᠯᠠᠨ ᠵᠠᠯᠭᠠᠮᠵᠢᠯᠠᠵᠤ ᠬᠥᠭᠵᠢᠬᠦᠯᠬᠦ ᠲᠤᠬᠠᠢ ᠪᠦᠬᠦ ᠲᠠᠯ᠎ᠠ ᠪᠠᠷ ᠰᠤᠳᠤᠯᠵᠤ᠂ ᠬᠥᠭᠵᠢᠯᠳᠡ ᠶᠢᠨ  ᠰᠢᠵᠢᠮ‌‍ᠰᠤᠳᠡᠰᠤ ᠪᠤᠯᠤᠨ ᠰᠤᠳᠤᠯᠭᠠᠨ ᠤ ᠦᠷ᠎ᠡ ᠪᠦᠳᠤᠭᠡᠯ ᠤᠨ ᠰᠢᠰᠲ᠋ᠧᠮᠵᠢᠭᠰᠡᠨ ᠵᠢᠷᠤᠭ ᠤᠨ ᠵᠢᠬᠰᠠᠯ ᠢ ᠪᠤᠢ ᠪᠤᠯᠭᠠᠵᠤ᠂  ᠤᠯᠤᠰ᠂ᠭᠠᠵᠠᠷ ᠤᠷᠤᠨ ᠤ ᠬᠤᠭᠤᠷ ᠤᠨ ᠦᠯᠢᠭᠡᠷ ᠤᠨ ᠪᠤᠳᠡᠰ ᠤᠨ ᠪᠤᠰᠤ ᠰᠤᠶᠤᠯ ᠤᠨ ᠦᠪ ᠢ ᠬᠠᠮᠠᠭᠠᠯᠠᠬᠤ ᠠᠵᠢᠯ   ᠳᠤ  ᠲᠤᠯᠢᠳᠠᠯ‌‍ᠪᠠ ᠯᠠᠪᠯᠠᠯᠳᠠ ᠬᠠᠩᠭᠠᠨ᠎ᠠ᠃ ᠪᠦᠳᠤᠭᠡᠯ ᠴᠤᠭᠯᠠᠭᠤᠯᠤᠨ᠂ ᠡᠷᠳᠡᠮᠳᠡᠳ ᠤᠨ  ᠰᠢᠨ᠎ᠠ  ᠴᠠᠭ  ᠦᠶ᠎ᠠ   ᠶᠢᠨ  ᠲᠤᠤᠯᠢ  ᠵᠤᠬᠢᠶᠠᠨ‌‍ᠪᠦ᠋ᠳᠤᠭᠡᠬᠦ ᠶᠢ ᠵᠤᠷᠢᠬᠵᠢᠭᠤᠯᠵᠤ᠂ ︽ᠤᠯᠠᠨ ᠲᠦᠮᠡᠨ ᠲᠠᠢ ᠦᠢᠷᠠᠳᠤᠭᠰᠠᠨ᠂ ᠤᠯᠠᠮᠵᠢᠯᠠᠵᠤ ᠲᠠᠶᠢᠯᠬᠦ ᠪᠠ ᠦᠯᠡᠳᠡᠵᠤ ᠲᠡᠶᠢᠯᠬᠦ︾ᠪᠦᠳᠤᠭᠡᠯ ᠢ ᠨᠡᠩ ᠤᠯᠠᠨ ᠵᠤᠬᠢᠶᠠᠨ ᠪᠦᠳᠤᠭᠡᠨ᠎ᠠ᠃ ᠴᠦᠭᠡᠨ  ᠲᠤᠭᠠᠳᠤ  ᠦᠨᠳᠤᠰᠤᠳᠡᠨ   ᠤ  ᠤᠯᠠᠮᠵᠢᠯᠠᠯᠳᠤ  ᠤᠷᠠᠯᠢᠭ  ‍ᠤᠨ‌‍ᠬᠡᠯᠪᠡᠷᠢ ᠪᠠᠷ ᠰᠢᠨ᠎ᠠ ᠴᠠᠭ ᠦᠶ᠎ᠠ ᠶᠢᠨ ᠦᠯᠢᠭᠡᠷ ᠢ ᠶᠠᠷᠢᠵᠤ᠂ ᠤᠯᠠᠮᠵᠢᠯᠠᠯᠳᠤ ᠤᠷᠠᠯᠢᠭ ᠤᠨ ᠬᠡᠯᠪᠡᠷᠢ   ᠳᠤ  ᠰᠢᠨ᠎ᠠ  ᠠᠮᠢᠵᠢᠷᠠᠯ‌‍ᠤᠨ ᠬᠥᠴᠤᠨ ᠢ ᠤᠯᠭᠤᠨ᠎ᠠ᠃ ᠪᠡᠯᠡ  ᠮᠦᠩᠬᠦ  ᠤᠷᠤᠭᠤᠯᠤᠨ  ᠲᠤᠭ᠎ᠠ  ᠪᠠᠷᠢᠮᠳᠠ   ᠶᠢᠨ  ᠪᠦᠳᠤᠴᠠ   ᠶᠢᠨ  ᠪᠠᠷᠢᠮᠵᠢᠶ᠎ᠠ  ᠨᠢ‌ᠨᠢᠭᠡᠳᠤᠯᠳᠠᠢ᠂ ᠮᠡᠳᠡᠭᠡ ᠵᠠᠩᠬᠢ ᠨᠢ ᠬᠠᠷᠢᠯᠴᠠᠨ ᠨᠡᠪᠳᠡᠷᠡᠵᠤ ᠬᠠᠮᠳᠤ   ᠪᠠᠷ  ᠡᠳ᠋ᠯᠡᠵᠤ  ᠲᠠᠶᠢᠯᠬᠦ  ᠬᠤᠭᠤᠷ   ᠤᠨ  ᠦᠯᠢᠭᠡᠷ  ‍ᠤᠨ‌ᠭᠠᠷᠴᠠᠭ ᠤᠨ ᠲᠤᠭ᠎ᠠ ᠪᠠᠷᠢᠮᠳᠠ ᠶᠢᠨ ᠬᠥᠮᠤᠷᠭᠡ᠂  ᠤᠯᠠᠮᠵᠢᠯᠠᠨ  ᠵᠠᠯᠭᠠᠮᠵᠢᠯᠠᠬᠤ  ᠴᠢᠳᠠᠪᠤᠷᠢᠳᠠᠨ   ᠤ  ᠲᠤᠭ᠎ᠠ  ᠪᠠᠷᠢᠮᠳᠠ  ᠵᠢᠨ‌‍ᠬᠥ᠋ᠮᠤᠷᠭᠡ᠂ ᠰᠤᠳᠤᠯᠭᠠᠨ ᠤ ᠦᠷ᠎ᠡ ᠪᠦᠳᠤᠭᠡᠯ ᠤᠨ ᠲᠤᠭ᠎ᠠ ᠪᠠᠷᠢᠮᠳᠠ ᠶᠢᠨ ᠬᠥᠮᠤᠷᠭᠡ ᠶᠢ ᠪᠠᠶᠢᠭᠤᠯᠤᠨ᠎ᠠ᠃              2. ᠬᠤᠭᠤᠷ ᠤᠨ ᠦᠯᠢᠭᠡᠷ ᠵᠡᠷᠭᠡ ᠴᠦᠭᠡᠨ ᠲᠤᠭᠠᠳᠤ ᠦᠨᠳᠤᠰᠤᠳᠡᠨ ᠤ ᠤᠯᠠᠮᠵᠢᠯᠠᠯᠳᠤ ᠰᠤᠶᠤᠯ ᠤᠨ ᠤᠷᠠᠯᠢᠭ ‍ᠤᠨ‌‍ᠬᠡᠯᠪᠡᠷᠢ ᠶᠢ ᠤᠯᠠᠨ ᠠᠷᠭ᠎ᠠ ᠵᠠᠮ ᠢᠶᠠᠷ ᠲᠡᠯᠭᠡᠷᠡᠬᠦᠯᠤᠨ᠂ ᠰᠤᠶᠤᠯ ᠤᠨ ᠴᠡᠴᠡᠭᠯᠡᠯ  ᠬᠥᠭᠵᠢᠯ   ᠢ  ᠪᠡᠶᠡᠯᠡᠬᠦᠯᠤᠨ᠎ᠠ᠃  ︽ᠢᠨᠲ᠋ᠧᠷ‌‍ᠰᠦ᠋ᠯᠵᠢᠶ᠎ᠠ +︾ ᠶᠢ ᠠᠰᠢᠭᠯᠠᠨ ᠬᠤᠭᠤᠷ ᠤᠨ ᠦᠯᠢᠭᠡᠷ ᠤᠨ ᠰᠤᠶᠤᠯ ᠤᠨ ᠪᠦᠳᠤᠭᠡᠯᠴᠢ ᠰᠡᠳᠬᠢᠮᠵᠢ   ᠳᠤ  ᠮᠡᠳᠡᠭᠡ  ᠵᠠᠩᠬᠢ᠂ᠪᠡᠯᠡ ᠮᠦᠩᠬᠦ᠂ ᠴᠢᠳᠠᠪᠤᠷᠢᠳᠠᠨ ᠢ ᠡᠮᠬᠢᠯᠡᠨ ᠨᠡᠶᠢᠯᠡᠬᠦᠯᠵᠤ ᠦᠭᠬᠦ ᠶᠢ ᠰᠦᠪᠡᠭᠴᠢᠯᠡᠨ᠎ᠠ᠃ ᠠᠬᠤᠢ ᠲᠠᠯᠠᠪᠠᠢ   ᠶᠢᠨ  ᠲᠤᠬᠯᠠᠯᠳᠠ᠂ᠷᠠᠳᠢᠤ᠋ ᠨᠡᠪᠳᠡᠷᠡᠬᠦᠯᠭᠡ ᠲᠧᠯᠸᠢᠰ᠂ ᠰᠦᠯᠵᠢᠶ᠎ᠠ ᠪᠠᠷ ᠤᠯᠠᠮᠵᠢᠯᠠᠨ ᠲᠠᠷᠬᠠᠭᠠᠬᠤ ᠶᠢ ᠤᠶᠠᠯᠳᠤᠭᠤᠯᠤᠭᠰᠠᠨ ᠲᠡᠯᠭᠡᠷᠡᠬᠦᠯᠬᠦ  ᠰᠢᠰᠲ᠋ᠧᠮ‌ᠢ ᠲᠦᠷᠭᠡᠨ ᠢᠶᠠᠷ  ᠪᠠᠶᠢᠭᠤᠯᠤᠨ᠎ᠠ᠃  ᠬᠤᠭᠤᠷ   ᠤᠨ  ᠦᠯᠢᠭᠡᠷ   ᠢ  ᠰᠤᠷᠭᠠᠭᠤᠯᠢ   ᠶᠢᠨ  ᠬᠥᠷᠢᠶᠡᠨ   ᠳᠤ  ᠤᠷᠤᠭᠤᠯᠬᠤ  ᠵᠢ‌ᠠᠬᠢᠭᠤᠯᠤᠨ᠎ᠠ᠃              3. ᠲᠤᠰᠬᠠᠢ ᠵᠦᠢᠯ ᠤᠨ ᠬᠥᠬᠢᠬᠦᠯᠤᠯ ᠱᠠᠩᠨᠠᠯ ᠭᠠᠷᠭᠠᠵᠤ᠂ ᠬᠤᠭᠤᠷ   ᠤᠨ  ᠦᠯᠢᠭᠡᠷ  ᠵᠡᠷᠭᠡ  ᠴᠦᠭᠡᠨ  ᠲᠤᠭᠠᠳᠤ‌ᠦᠨᠳᠤᠰᠤᠳᠡᠨ ᠤ ᠤᠯᠠᠮᠵᠢᠯᠠᠯᠳᠤ ᠰᠤᠶᠤᠯ ᠤᠷᠠᠯᠢᠭ ᠢ ᠬᠠᠮᠠᠭᠠᠯᠠᠬᠤ ᠠᠵᠢᠯ ᠢ ᠰᠠᠶᠢᠨ ᠬᠢᠨ᠎ᠠ᠃ ᠲᠤᠰᠬᠠᠢ ᠵᠦᠢᠯ ᠤᠨ  ᠱᠠᠩᠨᠠᠯ‌‍ᠤᠨ ᠠᠷᠭ᠎ᠠ ᠮᠠᠶ᠋ᠢᠭ ᠢᠶᠠᠷ ᠲᠡᠮᠵᠢᠭᠤᠯᠤᠨ᠂ ᠬᠤᠭᠤᠷ ᠤᠨ ᠦᠯᠢᠭᠡᠷ   ᠤᠨ  ᠤᠷᠠᠯᠢᠭ   ᠤᠨ  ᠴᠢᠳᠠᠪᠤᠷᠢᠳᠠᠨ   ᠢ  ᠬᠥᠮᠤᠵᠢᠬᠦᠯᠤᠨ‌ᠵᠤᠷᠢᠬᠵᠢᠭᠤᠯᠬᠤ ᠪᠤᠯ ᠬᠤᠭᠤᠷ ᠤᠨ ᠦᠯᠢᠭᠡᠷ ᠤᠨ ᠰᠤᠶᠤᠯ ᠤᠷᠠᠯᠢᠭ ᠢ ᠬᠠᠮᠠᠭᠠᠯᠠᠬᠤ᠂ ᠤᠯᠠᠮᠵᠢᠯᠠᠨ ᠵᠠᠯᠭᠠᠮᠵᠢᠯᠠᠬᠤ᠂  ᠬᠤᠭᠤᠷ‌‍ᠤᠨ ᠦᠯᠢᠭᠡᠷ ᠤᠨ ᠰᠤᠶᠤᠯ ᠤᠷᠠᠯᠢᠭ ᠤᠨ ᠰᠢᠨ᠎ᠠ ᠶᠢ ᠡᠬᠦᠳᠬᠦ  ᠶᠢᠨ ᠬᠠᠮᠤᠭ ᠤᠨ ᠰᠢᠭᠤᠳ ᠠᠷᠭ᠎ᠠ  ᠵᠠᠮ  ᠮᠦᠨ᠂  ᠡᠨᠡ  ᠨᠢ‌ᠬᠤᠭᠤᠷ ᠤᠨ ᠦᠯᠢᠭᠡᠷ ᠤᠨ ᠰᠤᠶᠤᠯ ᠤᠷᠠᠯᠢᠭ   ᠢ  ︽ᠬᠠᠳᠠᠭᠠᠯᠠᠬᠤ  ᠴᠢᠨᠠᠷᠳᠠᠢ  ᠬᠠᠮᠠᠭᠠᠯᠠᠯᠳᠠ︾   ᠠᠴᠠ  ︽ᠦᠢᠯᠡᠳᠪᠤᠷᠢᠯᠡᠬᠦ‌‍ᠴᠢᠨᠠᠷᠳᠠᠢ ᠬᠠᠮᠠᠭᠠᠯᠠᠯᠳᠠ︾ ᠳᠤ ᠰᠢᠯᠵᠢᠬᠦᠯᠬᠦ  ᠳᠤ ᠬᠥᠳᠡᠯᠭᠡᠬᠦ ᠬᠥᠴᠤᠨ ᠬᠠᠩᠭᠠᠵᠤ ᠦᠭᠬᠦ ᠪᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号