ᠨᠠ᠊ · ᠰᠠᠶᠢᠨᠴᠤᠬᠲᠤ ᠶᠢᠨ ᠮᠡᠨᠲᠦᠯᠡᠭᠰᠡᠨ ᠤ 105 ᠵᠢᠯ ᠤᠨ ᠤᠢ ᠶᠢ ᠲᠤᠷᠠᠰᠬᠠᠨ ᠲᠡᠮᠲᠡᠭᠯᠡᠭᠦ ᠬᠤᠷᠠᠯ ᠪᠤᠯᠤᠯ᠎ᠠ
ᠨᠡᠶᠢᠲᠡᠯᠡᠭᠰᠡᠨ ᠴᠠᠭ᠄
2019/2/25
      ᠠᠯᠲᠠᠷᠲᠤ ᠰᠢᠯᠦᠭᠴᠢ ᠨᠠ᠊ · ᠰᠠᠶᠢᠨᠴᠤᠬᠲᠤ ᠶᠢᠨ ᠮᠡᠨᠲᠦᠯᠡᠭᠰᠡᠨ ᠤ 105 ᠵᠢᠯ ᠤᠨ ᠤᠢ ᠶᠢ ᠲᠤᠷᠠᠰᠬᠠᠨ ᠲᠡᠮᠲᠡᠭᠯᠡᠭᠦ ᠶᠠᠷᠢᠯᠴᠠᠬᠤ ᠬᠤᠷᠠᠯ 2 ᠳ᠋ᠤᠭᠠᠷ ᠰᠠᠷ᠎ᠠ ᠶᠢᠨ 22 ᠤᠨ ᠡᠲᠦᠷ᠂ ᠰᠢᠯᠢ ᠶᠢᠨ ᠭᠤᠤᠯ ᠠᠶᠢᠮᠠᠭ ᠤᠨ ᠰᠢᠯᠤᠭᠤᠨ ᠭᠦᠬᠡ ᠬᠤᠰᠢᠭᠤᠨ ᠳᠤ ᠪᠤᠯᠤᠯ᠎ᠠ᠃      ᠳᠤᠰ ᠤᠳᠠᠭᠠᠨ ᠤ ᠬᠤᠷᠠᠯ ᠳᠤ ᠥᠪᠥᠷ ᠮᠣᠩᠭᠤᠯ ᠤᠷᠤᠨ ᠤ ᠳᠤᠳᠤᠨ᠎ᠠ ᠭᠠᠳᠠᠨ᠎ᠠ ᠶᠢᠨ ᠶᠡᠭᠡ ᠳᠡᠭᠡᠳᠤ ᠰᠤᠷᠭᠠᠭᠤᠯᠢ ᠶᠢᠨ ᠡᠷᠲᠡᠮᠲᠡᠨ ᠰᠤᠳᠤᠯᠤᠭᠠᠴᠢᠳ ᠪᠤᠯᠤᠨ ᠶᠠᠫᠤᠨ ᠤᠯᠤᠰ ᠤᠨ ᠤᠪᠢᠷᠢᠨ ᠶᠡᠭᠡ ᠰᠤᠷᠭᠠᠭᠤᠯᠢ ᠶᠢᠨ ᠡᠷᠲᠡᠮᠲᠡᠨ ᠵᠡᠷᠭᠡ ᠵᠠᠭᠤ ᠭᠠᠷᠤᠢ ᠭᠦᠮᠤᠨ ᠬᠤᠷᠠᠯ ᠳᠤ ᠤᠷᠤᠯᠴᠠᠵᠤ᠂ ᠲᠡᠤᠬᠡ ᠰᠤᠶᠦᠯ᠂ ᠦᠬᠡ ᠬᠡᠯᠡ᠂ ᠤᠳᠬ᠎ᠠ ᠵᠤᠬᠢᠶᠠᠯ᠂ ᠦᠵᠡᠯ ᠰᠠᠨᠠᠭ᠎ᠠ ᠵᠡᠷᠭᠡ ᠤᠯᠠᠨ ᠲᠠᠯ᠎ᠠ ᠪᠠᠷ ᠨᠠ᠊ · ᠰᠠᠶᠢᠨᠴᠤᠬᠲᠤ ᠪᠤᠯᠤᠨ ᠲᠡᠭᠦᠨ ᠤ ᠵᠤᠬᠢᠶᠠᠯ ᠪᠦᠲᠦᠬᠡᠯ ᠢ ᠰᠤᠲᠤᠯᠤᠨ ᠶᠠᠷᠢᠯᠴᠠᠬᠰᠠᠨ ᠪᠠᠶᠢᠨ᠎ᠠ᠃      ᠮᠤᠩᠭᠤᠯ ᠦᠨᠲᠤᠰᠤᠲᠠᠨ ᠤ ᠤᠷᠴᠢᠨ᠂ ᠤᠲᠤ ᠦᠶ᠎ᠠ ᠶᠢᠨ ᠤᠳᠬ᠎ᠠ ᠵᠤᠬᠢᠶᠠᠯ ᠤᠨ ᠦᠨᠲᠤᠰᠤᠯᠡᠭᠴᠢ᠂ ᠢᠷᠠᠭᠤ ᠨᠠᠶᠢᠷᠠᠬᠴᠢ᠂ ᠵᠤᠬᠢᠶᠠᠯᠴᠢ᠂ ᠤᠷᠴᠢᠭᠤᠯᠤᠬᠴᠢ᠂ ᠰᠤᠷᠭᠠᠨ ᠭᠦᠮᠤᠵᠢᠯᠲᠠᠨ ᠪᠠ ᠰᠤᠶᠤᠨ ᠬᠡᠬᠡᠷᠡᠭᠦᠯᠦᠭᠴᠢ ᠨᠠ᠊ · ᠰᠠᠶᠢᠨᠴᠤᠬᠲᠤ ᠰᠢᠯᠤᠭᠤᠨ ᠭᠦᠬᠡ ᠬᠤᠰᠢᠭᠤᠨ ᠤ ᠡᠯᠡᠰᠤ ᠮᠠᠩᠬᠠᠨ ᠤ ᠡᠬᠡ ᠨᠤᠲᠤᠭ ᠤᠨ ᠡᠬᠡᠯ ᠵᠢᠷ ᠤᠨ ᠮᠠᠯᠴᠢᠨ ᠤ ᠬᠡᠷ ᠲᠤ ᠲᠦᠷᠤᠵᠤ᠂ ᠬᠠᠷᠠᠬᠠᠨ ᠪᠠᠭ᠎ᠠ ᠠᠴᠠ ᠪᠠᠨ ᠡᠷᠲᠡᠮ ᠰᠤᠶᠤᠯ ᠤᠨ ᠮᠦᠷ ᠢ ᠭᠦᠬᠡᠬᠡᠵᠤ᠂ ᠶᠠᠫᠤᠨ᠂ ᠮᠤᠩᠭᠤᠯ ᠵᠡᠷᠭᠡ ᠤᠯᠤᠰ ᠲᠤ ᠰᠤᠷᠤᠯᠴᠠᠨ᠂ ᠲᠡᠯᠡᠬᠡᠢ ᠶᠢᠨ ᠲᠠᠪᠰᠢᠬᠰᠠᠨ ᠰᠤᠶᠤᠯ ᠲᠠᠢ ᠲᠠᠨᠢᠯᠴᠠᠨ᠂ ᠨᠠᠰᠤᠨ ᠲᠤᠷᠰᠢ ᠤᠬᠰᠠᠭ᠎ᠠ ᠦᠨᠲᠤᠰᠤᠲᠠᠨ ᠢᠶᠠᠨ ᠮᠠᠨᠲᠤᠭᠤᠯᠬᠤ ᠬᠠᠲᠠᠭᠤ ᠵᠤᠷᠢᠭ ᠢ ᠡᠪᠤᠷᠯᠠᠨ ᠦᠨᠲᠤᠰᠤᠲᠠᠨ ᠤ ᠰᠤᠷᠭᠠᠨ ᠭᠦᠮᠤᠵᠢᠯ᠂ ᠤᠳᠬ᠎ᠠ ᠵᠤᠬᠢᠶᠠᠯ ᠤᠨ ᠦᠢᠯᠠᠰ ᠲᠤ ᠪᠠᠯᠠᠷᠠᠰᠢ ᠦᠬᠡᠢ ᠵᠢᠳᠭᠦᠯ ᠢᠶᠠᠨ ᠦᠵᠡᠭᠦᠯᠦᠭᠰᠡᠨ ᠶᠤᠮ᠃      ᠤᠲᠤᠬᠠᠨ ᠳᠤ ᠥᠪᠥᠷ ᠮᠣᠩᠭᠤᠯ ᠤᠷᠤᠨ ᠳᠤ ᠨᠠ᠊ · ᠰᠠᠶᠢᠨᠴᠤᠬᠲᠤ ᠶᠢᠨ ᠲᠤᠬᠠᠢ ᠰᠤᠳᠤᠯᠭᠠᠨ ᠤ ᠪᠦᠲᠦᠬᠡᠯ 200 ᠶᠢ ᠲᠠᠪᠠᠭᠰᠠᠨ ᠮᠦᠷᠳᠡᠭᠡᠨ ᠤᠳᠬ᠎ᠠ ᠵᠤᠬᠢᠶᠠᠯ᠂ ᠭᠤᠸ᠎ᠠ ᠵᠦᠢ᠂ ᠰᠤᠶᠤᠯ ᠢᠷᠬᠡᠨᠰᠢᠯ᠂ ᠰᠤᠷᠭᠠᠨ ᠭᠦᠮᠤᠵᠢᠯ ᠵᠡᠷᠭᠡ ᠤᠯᠠᠨ ᠲᠠᠯ᠎ᠠ ᠶᠢ ᠬᠠᠮᠤᠷᠠᠬᠰᠠᠨ ᠪᠠᠶᠢᠨ᠎ᠠ᠃ ᠲᠠᠷᠠ ᠮᠦᠷᠲᠡᠬᠡᠨ ᠨᠠ᠊ · ᠰᠠᠶᠢᠨᠴᠤᠬᠲᠤ ᠶᠢᠨ ᠲᠤᠬᠠᠢ ᠰᠤᠲᠤᠯᠭᠠᠨ ᠨᠢ ᠮᠠᠨ ᠤ ᠤᠯᠤᠰ ᠳᠡᠷᠡᠴᠢᠯᠡᠨ ᠮᠤᠩᠭᠤᠯ ᠤᠯᠤᠰ᠂ ᠶᠠᠫᠤᠨ ᠤᠯᠤᠰ ᠲᠤ ᠦᠷᠨᠢᠵᠤ ᠡᠬᠢᠯᠡᠭᠰᠡᠨ ᠪᠠᠶᠢᠨ᠎ᠠ᠃ ︽ᠰᠠᠶᠢᠴᠤᠩᠭ᠎ᠠ ᠰᠤᠲᠤᠯᠤᠯ︾ ᠬᠡᠭᠦ ᠨᠤᠮ ᠤᠶᠢᠷ᠎ᠠ ᠳᠤ ᠶᠠᠫᠤᠨ ᠬᠡᠯᠡ ᠪᠠᠷ ᠬᠡᠪᠯᠡᠭᠲᠡᠨ ᠤᠩᠰᠢᠬᠴᠢᠳ ᠲᠠᠢ ᠵᠤᠯᠭᠠᠵᠤ᠂ ᠶᠠᠫᠤᠨ ᠤᠯᠤᠰ ᠤᠨ ᠤᠳᠬ᠎ᠠ ᠵᠤᠬᠢᠶᠠᠯ  ᠤᠨ ᠹᠷᠤᠨᠲ ᠲᠤ ᠴᠢᠩᠭ᠎ᠠ ᠲᠤᠰᠬᠠᠯ ᠭᠠᠷᠤᠬᠰᠠᠨ ᠪᠠᠶᠢᠨ᠎ᠠ᠃
︵ᠦᠪᠤᠷ ᠮᠤᠩᠭᠤᠯ ᠤᠨ ᠷᠠᠳᠢᠤ᠋ ᠲᠧᠯᠸᠢᠰ ᠬᠤᠷᠢᠶᠠᠨ ᠤ ᠰᠤᠷᠪᠤᠯᠵᠢᠯᠠᠬᠴᠢ ᠡᠷᠲᠡᠨᠢ᠂ ᠰᠢᠯᠢ ᠶᠢᠨ ᠭᠤᠤᠯ ᠤᠨ ᠷᠠᠳᠢᠤ᠋ ᠲᠧᠯᠸᠢᠰ ᠬᠤᠷᠢᠶᠠᠨ ᠤ ᠰᠤᠷᠪᠤᠯᠵᠢᠯᠠᠬᠴᠢ ᠤᠷᠢᠬᠠᠨ ᠮᠡᠳᠡᠭᠡᠯᠡᠪᠡ︶
ᠢᠷᠡᠯᠲᠡ᠄ ᠲᠥᠪ ᠤᠨ ᠮᠣᠩᠭᠤᠯ ᠷᠠᠳᠢᠣ᠋ ᠰᠥᠯᠵᠢᠶ᠎ᠡ
IE11 ᠪᠤᠶᠤ ᠪᠤᠰᠤᠳ ᠰᠢᠨ᠎ᠡ ᠬᠥᠲᠥᠴᠢ ᠶᠢ ᠠᠰᠢᠭᠯᠠᠭᠠᠷᠠᠢ