ᠵᠢᠷᠦᠬᠡᠨ ᠤ ᠡᠪᠡᠳᠴᠢᠲᠡᠨ ᠭᠤᠷᠪᠠᠨ ᠵᠦᠢᠯ ᠤᠨ ᠮᠠᠭᠤ ᠤᠷᠮ᠎ᠠ ᠰᠡᠳᠬᠢᠯᠭᠡ ᠶᠢ ᠲᠡᠪᠴᠢᠬᠦ ᠬᠡᠷᠡᠭᠲᠡᠢ
ᠨᠡᠶᠢᠲᠡᠯᠡᠭᠰᠡᠨ ᠴᠠᠭ᠄
2019-02-02
      ᠰᠢᠨᠡᠬᠡᠨ ᠰᠤᠳᠤᠯᠭᠠᠨ ᠢᠶᠠᠷ᠂ ᠠᠩᠭ᠍ᠯᠢ ᠶᠢᠨ ᠫᠣᠰᠲᠮᠥᠰ ᠶᠡᠭᠡ  ᠰᠤᠷᠭᠠᠭᠤᠯᠢ ᠶᠢᠨ  ᠪᠡᠶ᠎ᠡ ᠶᠢᠨ  ᠲᠠᠮᠢᠷ ᠤᠨ  ᠰᠢᠨᠵᠢᠯᠡᠬᠦ‌ᠤᠬᠠᠭᠠᠨ ᠤ ᠰᠠᠯᠪᠤᠷᠢ ᠶᠢᠨ ᠰᠠᠮᠠᠨᠰᠠ · ᠮᠧᠷᠧᠳᠢᠰ ᠳ᠋ᠣᠺᠲ᠋ᠣᠷ ᠵᠢᠴᠢ  ᠲᠡᠭᠦᠨ ᠤ  ᠰᠤᠳᠤᠯᠭᠠᠨ ᠤ  ᠳᠤᠭᠤᠢᠢᠯᠠᠩ  ᠵᠢᠷᠦᠬᠡᠨ ‍ᠤ‌ᠡᠪᠡᠳᠴᠢᠲᠡᠨ ᠤ ᠥᠩᠭᠡᠷᠡᠭᠦᠯᠦᠭᠰᠡᠨ ᠰᠡᠳᠬᠢᠯ ᠵᠣᠪᠠᠭ᠋ᠤ᠂ ᠭᠠᠩᠰᠠᠷᠠᠬᠤ᠂ ᠡᠵᠡᠮᠰᠢᠯ ᠢᠶᠠᠨ ᠠᠯᠳᠠᠬᠤ ᠰᠡᠳᠬᠢᠯᠭᠡ ᠪᠣᠯᠤᠨ ᠪᠤᠰᠤᠳ‌ᠥᠪᠡᠷ ᠤᠨ ᠰᠡᠷᠡᠯ ᠵᠡᠷᠭᠡ ᠶᠢ  ᠨᠢᠭᠡ  ᠵᠢᠯ ᠤᠨ  ᠬᠤᠭᠤᠴᠠᠭ᠎ᠠ ᠲᠠᠢ ᠲᠠᠭᠠᠨ  ᠪᠠᠶᠢᠴᠠᠭᠠᠵᠠᠢ᠃  ᠡᠭᠦᠨ ᠤ  ᠳ᠋ᠦᠩ ᠳᠤ  ᠤᠯᠵᠤ‌ᠮᠡᠳᠡᠭᠰᠡᠨ ᠨᠢ᠂ ᠵᠢᠷᠦᠬᠡᠨ ᠤ ᠡᠪᠡᠳᠴᠢᠨ  ᠬᠥᠳᠡᠯᠦᠭᠰᠡᠨ ᠤ  ᠳᠠᠷᠠᠭ᠎ᠠ  ᠴᠥᠭᠡᠨ  ᠪᠤᠰᠤ  ᠬᠥᠮᠦᠰ  ᠨᠠᠵᠠᠭᠠᠶ  ᠰᠡᠳᠬᠢᠴᠡ ᠵᠢᠨ‌ᠨᠥ᠋ᠯᠥᠭᠡᠨ ᠳᠤ ᠲᠤᠯᠭᠠᠷᠠᠳᠠᠭ ᠪᠠᠶᠢᠨ᠎ᠠ᠂ ᠡᠨᠡ ᠨᠢ ᠭᠤᠣᠯᠳᠠᠭᠤ ᠭᠤᠷᠪᠠᠨ  ᠵᠦᠢᠯ ᠤᠨ  ᠬᠡᠯᠪᠡᠷᠢ ᠲᠠᠢ᠃  ᠨᠢᠭᠡ ᠳᠤ᠂  ᠡᠮᠡᠭᠲᠡᠶ‌ᠡᠪᠡᠳᠴᠢᠲᠡᠨ ᠲᠠᠢ ᠬᠠᠷᠢᠴᠠᠭᠤᠯᠪᠠᠯ᠂ ᠡᠷᠡᠭᠲᠡᠶ ᠶᠢᠨ ᠳᠡᠭᠡᠷᠡᠩᠭᠦᠶ ᠦᠵᠡᠯ ᠲᠠᠢ ᠡᠪᠡᠳᠴᠢᠲᠡᠨ ᠨᠢ  ᠡᠪᠡᠳᠴᠢᠨ  ᠬᠥᠳᠡᠯᠦᠭᠰᠡᠨ ‍ᠤ‌‍ᠰᠡᠭᠦᠯᠡᠷ ᠤᠷᠮ᠎ᠠ ᠰᠡᠳᠬᠢᠯᠭᠡ ᠶᠢᠨ  ᠭᠡᠮᠲᠦᠯ  ᠨᠡᠩ  ᠠᠮᠠᠷᠬᠠᠨ  ᠡᠭᠦᠰᠳᠡᠭ᠃  ᠡᠳᠡᠭᠡᠷ  ᠡᠷᠡᠭᠲᠡᠶ  ᠡᠪᠡᠳᠴᠢᠲᠡᠨ  ᠵᠢᠷᠦᠬᠡᠨ ‍ᠤ‌ᠡᠪᠡᠳᠴᠢᠨ ᠳᠤ  ᠨᠡᠷᠪᠡᠭᠳᠡᠮᠡᠭᠴᠡ  ᠥᠪᠡᠷ ᠢ ᠪᠠᠨ  ︽ᠬᠡᠷᠡᠭ  ᠦᠭᠡᠢ  ᠬᠥᠮᠦᠨ︾  ᠭᠡᠵᠦ  ᠦᠵᠡᠬᠦ   ᠨᠢ  ᠬᠢᠯᠪᠠᠷ  ᠪᠠᠶᠢᠵᠤ᠂︽ᠡᠪᠡᠳᠴᠢᠲᠡᠨ︾ ᠭᠡᠰᠡᠨ ᠱᠣᠰᠢᠭ᠎ᠠ ᠲᠠᠢ ᠪᠤᠯᠬᠤ ᠠᠴᠠ  ᠠᠶᠤᠳᠠᠭ᠃  ᠡᠭᠦᠨ ᠤ  ᠬᠠᠮᠲᠤ᠂  ᠪᠡᠶ᠎ᠡ  ᠮᠠᠬᠠᠪᠣᠳ ᠤᠨ  ᠳᠤᠷᠤᠢ‌‍ᠪᠠᠭᠤᠷᠠᠶ ᠪᠠᠶᠢᠳᠠᠯ ᠨᠢ ᠪᠠᠰᠠ ᠲᠡᠳᠡᠨ ᠤ ᠤᠷᠮ᠎ᠠ ᠦᠭᠡᠶᠢᠲᠡᠵᠦ ᠪᠤᠬᠢᠨᠢᠳᠤᠬᠤ ᠰᠡᠳᠬᠢᠯᠭᠡ ᠶᠢ  ᠨᠡᠮᠡᠭᠳᠡᠭᠦᠯᠳᠡᠭ᠃  ᠬᠤᠶᠠᠷ ᠲᠤ᠂ᠵᠢᠷᠦᠬᠡᠨ ᠤ ᠡᠪᠡᠳᠴᠢᠨ  ᠬᠥᠳᠡᠯᠦᠭᠰᠡᠨ ᠤ  ᠳᠠᠷᠠᠭ᠎ᠠ᠂  ᠵᠠᠷᠢᠮ  ᠡᠪᠡᠳᠴᠢᠲᠡᠨ  ᠵᠢᠷᠦᠬᠡᠨ ᠤ  ᠠᠰᠠᠭᠤᠳᠠᠯ ᠳᠤ  ᠬᠢᠴᠢᠶᠡᠮᠡᠲᠡᠭᠡᠢ‌‍ᠪᠤᠯᠳᠠᠭ᠂ ᠡᠶᠢᠮᠦ ᠤᠷᠮ᠎ᠡ ᠰᠡᠳᠬᠢᠯᠭᠡ ᠶᠢᠨ ᠭᠡᠮᠲᠦᠯ ᠤᠨ ᠨᠢᠭᠡᠨ ᠨᠡᠶᠢᠲᠡᠯᠢᠭ ᠢᠯᠡᠷᠡᠯ ᠨᠢ ︽ᠵᠢᠷᠦᠬᠡᠨ ᠠᠴᠠ ᠵᠢᠷᠦᠬᠡᠰᠢᠶᠡᠬᠦ ᠭᠡᠮ︾ᠪᠤᠯᠤᠨ᠎ᠠ — ᠵᠢᠷᠦᠬᠡᠨ ᠤ ᠳᠠᠪᠲᠠᠮᠵᠢ ᠥᠨᠳᠦᠷᠰᠡᠬᠦ ᠠᠴᠠ ᠠᠶᠤᠵᠤ᠂ ᠬᠦᠴᠦ ᠣᠷᠣᠬᠤ ᠶᠠᠮᠠᠷ ᠴᠤ ᠶᠠᠪᠤᠳᠠᠯ ᠢ ᠬᠢᠬᠦ ᠳᠤ ᠴᠥᠮ︽ᠵᠢᠷᠦᠬᠡ ᠪᠠᠨ ᠭᠠᠷ ᠲᠠᠭᠠᠨ ᠠᠳᠬᠤᠭᠰᠠᠨ︾ ᠪᠠᠶᠢᠳᠠᠯ ᠲᠠᠢ ᠪᠠᠶᠢᠳᠠᠭ᠃ ᠡᠶᠢᠮᠦ ᠰᠠᠨᠠᠭᠠᠰᠢᠷᠠᠯ ᠢ ᠨᠠᠮᠳᠠᠭᠤᠯᠵᠤ ᠴᠢᠳᠠᠬᠤ ᠦᠭᠡᠢ‌‍ᠪᠤᠯ ᠵᠠᠶᠢᠯᠠᠰᠢ ᠦᠭᠡᠢ ᠡᠪᠡᠳᠴᠢᠲᠡᠨ ᠤ  ᠪᠠᠴᠢᠮᠳᠠᠵᠤ  ᠵᠣᠪᠠᠨᠢᠬᠤ  ᠰᠡᠳᠬᠢᠯᠭᠡ ᠶᠢ  ᠨᠡᠮᠡᠭᠳᠡᠭᠦᠯᠳᠡᠭ᠃  ᠭᠤᠷᠪᠠ ᠳᠤ᠂  ᠬᠡᠰᠡᠭ‌ᠡᠪᠡᠳᠴᠢᠲᠡᠨ ᠥᠪᠡᠷ ᠢ ᠪᠠᠨ ᠢᠳᠬᠠᠵᠤ ᠡᠪᠡᠳᠴᠢᠨ ᠡᠭᠦᠰᠦᠭᠰᠡᠨ ᠪᠣᠳᠠᠲᠤ ᠬᠡᠷᠡᠭ ᠢ ᠰᠡᠳᠬᠢᠴᠡ ᠶᠢᠨ  ᠲᠠᠯ᠎ᠠ ᠪᠠᠷ  ᠬᠦᠯᠢᠶᠡᠵᠦ‌ᠠᠪᠤᠭᠰᠠᠨ ᠴᠤ᠂ ᠡᠪᠡᠳᠴᠢᠨ ᠡᠭᠦᠰᠦᠭᠰᠡᠨ ᠠᠴᠠ ᠪᠤᠯᠵᠤ  ᠲᠠᠮᠢᠷ  ᠲᠡᠩᠬᠡᠭᠡ  ᠪᠠᠭᠤᠷᠠᠭᠰᠠᠨ ᠢ  ᠬᠦᠯᠢᠶᠡᠨ  ᠠᠪᠴᠤ  ᠴᠢᠳᠠᠬᠤ‌ᠦᠭᠡᠢ᠂ ᠨᠡᠯᠢᠶᠡᠳ ᠶᠡᠭᠡ ᠰᠡᠳᠬᠢᠴᠡ ᠶᠢᠨ ᠳᠠᠷᠤᠭᠠᠰᠤ ᠲᠠᠢ ᠪᠣᠯᠳᠠᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号