ᠤᠢᠢᠷ᠎ᠠ ᠳᠤ᠂ ᠦᠪᠦᠷ ᠮᠤᠩᠭᠤᠯ ᠤᠨ ᠨᠡᠷᠡᠳᠤ ᠵᠤᠬᠢᠶᠠᠯᠴᠢ ᠮᠦᠩᠭᠡ ᠶᠢᠨ ︽ᠲᠠᠯ᠎ᠠ ᠨᠤᠳᠤᠭ ᠤᠨ ᠤᠷᠠᠨ ᠵᠤᠬᠢᠶᠠᠯ ᠤᠨ ᠭᠤᠤᠯᠳᠠᠯᠭᠠᠳᠤ ᠪᠦᠳᠦᠭᠡᠯ ᠢ | ᠵᠤᠬᠢᠶᠠᠨ ᠪᠦᠳᠦᠭᠡᠬᠦ ᠢᠨᠵᠧᠨᠧᠷᠢᠩ︾ ᠤᠨ ᠴᠢᠬᠤᠯᠠ ᠪᠦᠳᠦᠭᠡᠯ ᠪᠤᠯᠤᠭᠰᠠᠨ ︽ᠪᠦᠷᠳᠡ ᠰᠠᠷ᠎ᠠ︾ ᠭᠡᠬᠦ ᠷᠤᠮᠠᠨ ᠤᠩᠰᠢᠬᠴᠢᠳ ᠲᠠᠢ ᠵᠤᠯᠭᠠᠪᠠ᠃ | ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠳᠤ ᠰᠤᠩᠭᠤᠬᠳᠠᠭᠰᠠᠨ ᠵᠤᠬᠢᠶᠠᠯᠴᠢ ᠮᠦᠩᠬᠡ ᠶᠢᠨ ᠤᠤᠭᠠᠨ | ᠷᠤᠮᠠᠨ ︽ᠬᠠᠨ ᠮᠤᠨᠠ ᠶᠢᠨ ᠰᠡᠭᠦᠷᠡᠰᠤ︾ ᠲᠡᠤᠬᠡᠨ ᠲᠡᠭᠡᠷᠡᠬᠢ ᠮᠤᠨᠠ ᠠᠭᠤᠯᠠ ᠶᠢᠨ ᠡᠩᠭᠡᠷ ᠬᠤᠷᠮᠦᠢ ᠶᠢᠨ ᠤᠷᠠᠳ ᠨᠤᠳᠤᠭ ᠤᠨ ᠲᠡᠭᠡᠳᠤ ᠲᠠᠪᠬᠤᠷᠭ᠎ᠠ ᠶᠢᠨ | ᠵᠦᠷᠢᠴᠠᠯ ᠲᠡᠮᠡᠴᠡᠯ ᠢ ᠲᠤᠰᠬᠠᠭᠰᠠᠨ ᠪᠤᠯ ︽ᠪᠦᠷᠳᠡ ᠰᠠᠷ᠎ᠠ︾ ᠷᠤᠮᠠᠨ ᠮᠦᠨ ᠡᠨᠡ ᠨᠤᠳᠤᠭ ᠤᠨ ᠡᠬᠡᠯ ᠬᠦᠮᠦᠨ ᠤ ᠠᠮᠢᠳᠤᠷᠠᠯ ᠲᠡᠮᠡᠴᠡᠯ ᠢᠶᠠᠷ ᠰᠡᠳᠤᠪᠯᠡᠵᠦ᠂ | ᠠᠳᠠᠯᠢ ᠪᠤᠰᠤ ᠠᠮᠢᠳᠤᠷᠠᠯ ᠤᠨ ᠵᠠᠮ ᠳᠠᠬᠢ ᠮᠦᠷᠬᠦᠯᠳᠤᠭᠡᠨ ᠲᠡᠮᠡᠴᠡᠭᠡᠨ᠂ ᠡᠴᠦᠰ ᠲᠡᠭᠦᠰᠬᠡᠯ ᠢ ᠤᠷᠠᠯᠢᠭ ᠲᠤᠰᠬᠠᠨ᠂ ᠮᠤᠩᠭᠤᠯ ᠦᠨᠳᠤᠰᠤᠳᠠᠨ ᠤ ᠠᠷᠠᠳ ᠤᠨ | ᠠᠮᠠᠨ ᠵᠤᠬᠢᠶᠠᠯ ᠤᠨ ᠰᠢᠳᠢᠳᠤ ᠠᠬᠤᠢᠢᠴᠢ ᠦᠵᠡᠯ ᠤᠨ ᠠᠷᠭ᠎ᠠ ᠪᠠᠷᠢᠯ ᠢ ᠴᠢᠳᠠᠮᠠᠭᠠᠢ ᠠᠰᠢᠬᠯᠠᠵᠦ᠂ ᠰᠤᠨᠢᠷᠬᠠᠯ ᠲᠠᠢ ᠤᠢᠢᠯᠡ ᠬᠡᠷᠡᠭ᠂ ᠰᠤᠨᠢᠷᠬᠠᠯ ᠲᠠᠢ ᠦᠯᠢᠭᠡᠷ | ᠲᠤᠮᠤᠭ᠂ ᠬᠠᠴᠢᠨ ᠭᠠᠶᠢᠬᠠᠮᠰᠢᠬᠳᠤ ᠲᠦᠷᠢ ᠪᠠᠷ ᠵᠤᠬᠢᠶᠠᠯ ᠢᠶᠠᠨ ᠰᠡᠳᠬᠢᠮᠵᠢᠯᠡᠵᠦ᠂ ︽ᠰᠠᠶᠢᠨ ᠰᠠᠨᠠᠭᠠᠨ ᠤ ᠦᠵᠦᠬᠦᠷ ᠳᠤᠰᠦ᠂ ᠮᠠᠭᠤ ᠰᠠᠨᠠᠭᠠᠨ ᠤ | ᠦᠵᠦᠭᠦᠷ ᠲᠤ ᠬᠦ᠋︾ ᠬᠡᠰᠡᠨ ᠤᠴᠢᠷ ᠶᠤᠰᠤ ᠶᠢ ᠬᠠᠷᠠᠭᠤᠯᠤᠨ᠂ ᠮᠤᠩᠭᠤᠯ ᠦᠨᠳᠤᠰᠤᠳᠠᠨ ᠤ ᠬᠦᠮᠦᠨ ᠪᠠᠶᠢᠭᠠᠯᠢ᠂ ᠬᠦᠮᠦᠨ ᠠᠮᠢᠳᠠᠨ ᠤ ᠬᠤᠭᠤᠷᠤᠨᠳᠤᠬᠢ | ᠡᠶᠡᠯᠰᠡᠭ ᠲᠦᠰᠢᠯᠴᠠᠠ ᠤᠷᠤᠰᠢᠬᠤ ᠪᠤᠳᠠᠭᠠᠯᠢ ᠠᠷᠠᠨᠰᠢᠨ ᠢ ᠲᠤᠰᠬᠠᠭᠰᠠᠨ ᠪᠠᠶᠢᠨ᠎ᠠ᠃ | ᠲᠤᠰ ᠷᠤᠮᠠᠨ ᠤ ᠦᠭᠡ ᠬᠡᠯᠡᠯᠭᠡ ᠤᠷᠤᠰᠤᠮ᠎ᠠ ᠪᠠᠶᠠᠯᠢᠭ᠂ ᠪᠦᠷᠳᠠ ᠰᠠᠷᠨ ᠬᠡᠬᠦ ᠤᠬᠳᠠᠷᠭᠤᠢ ᠶᠢᠨ ᠰᠠᠷᠠᠨ ᠤ ᠦᠵᠡᠭᠳᠡᠯ ᠤᠨ ᠰᠠᠨᠠᠭ᠎ᠠ ᠠᠬᠤᠢ ᠶᠢ | ᠵᠤᠬᠢᠶᠠᠯ ᠳᠠᠭᠠᠨ ᠠᠭᠤᠰᠬᠠᠭᠰᠠᠨ ᠨᠢ ᠭᠠᠶᠢᠬᠠᠯᠳᠠᠢ᠃ ︵ᠸ᠊ • ᠭᠡᠷᠡᠯᠳᠤ︶ |