ᠰᠠᠶᠢᠨ ᠲᠤᠷᠠᠴᠤᠳ ᠮᠥᠰᠥ ᠠᠷᠢᠯᠭᠠᠵᠤ ᠬᠤᠲᠠ ᠶᠢᠨ ᠠᠷᠠᠳ ᠤᠨ ᠶᠠᠪᠤᠵᠤ ᠰᠠᠭᠤᠬᠤ‌‍ᠳᠤ ᠳᠦᠭᠦᠮ ᠦᠵᠡᠭᠦᠯᠵᠦ ᠪᠠᠶᠢᠨ᠎ᠠ
ᠨᠡᠶᠢᠲᠡᠯᠡᠭᠰᠡᠨ ᠴᠠᠭ᠄
2019-12-06
     ᠤᠶᠢᠷ᠎ᠠ ᠶᠢᠨ ᠡᠳᠦᠷ ᠴᠠᠰᠤ ᠣᠷᠣᠭᠰᠠᠨ ᠠᠴᠠ ᠪᠠᠭ᠎ᠠ ᠪᠤᠰᠤ ᠵᠠᠮ ᠳᠡᠭᠡᠷ᠎ᠡ ᠮᠦᠰᠦ ᠬᠦᠯᠳᠡᠭᠰᠡᠨ ᠪᠠᠶᠢᠪᠠ᠃ ᠬᠠᠷᠢᠶ᠎ᠠ ᠣᠷᠣᠨ ᠤ ᠰᠠᠭᠤᠭᠠᠯᠢ ᠠᠷᠠᠳ ᠤᠨ ᠶᠠᠪᠤᠵᠤ ᠰᠠᠭᠤᠬᠤ ᠠᠮᠤᠷ ᠲᠦᠪᠰᠢᠨ ᠢ ᠪᠠᠲᠤᠯᠠᠬᠤ ᠶᠢᠨ ᠲᠥᠯᠥᠭᠡ᠂ ᠬᠠᠶᠢᠯᠠᠷ ᠪᠠᠷᠠᠭᠤᠨ ᠵᠠᠮ ᠤᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠹᠦ᠋ ᠵᠢᠶᠠᠨ ᠴᠠᠩ ᠨᠡᠶᠢᠭᠡᠮ ᠲᠣᠭᠤᠷᠢᠭ ᠤᠨ ᠬᠢᠨ12 ᠳ᠋ᠤᠭᠠᠷ ᠰᠠᠷ᠎ᠠ ᠶᠢᠨ 5 ᠤ ᠦᠳᠡ ᠶᠢᠨ ᠬᠤᠶᠢᠨ᠎ᠠ ᠬᠠᠷᠢᠶ᠎ᠠ ᠣᠷᠣᠨ ᠤ ᠪᠠᠨ ᠪᠢᠴᠢᠬᠠᠨ ᠤᠰᠤᠨ ᠲᠤᠰᠤᠯ ᠰᠠᠶᠢᠨ ᠲᠤᠷᠠᠴᠤᠳ ᠢ ᠵᠣᠬᠢᠶᠠᠨ ᠪᠠᠶᠢᠭᠤᠯᠵᠤ ᠬᠠᠷ᠎ᠠ ᠮᠥᠰᠥ ᠶᠢ ᠴᠡᠪᠡᠷᠯᠡᠬᠦ ᠠᠵᠢᠯᠯᠠᠭ᠎ᠠ ᠥᠷᠨᠢᠭᠦᠯᠪᠡ᠃      ᠲᠤᠰ ᠡᠳᠦᠷ ᠤᠨ 14  ᠴᠠᠭ ᠤᠨ ᠪᠠᠷᠤᠭ ᠢᠶᠠᠷ᠂ ᠰᠠᠶᠢᠨ ᠲᠤᠷᠠᠴᠤᠳ ᠬᠤᠶᠠᠷ ᠲᠤᠭᠤᠶᠢᠯᠠᠩ ᠬᠤᠪᠢᠶᠠᠵᠤ᠂ ᠨᠢᠭᠡ ᠳᠤᠭᠤᠶᠢᠯᠠᠩ ᠨᠢ ᠭᠠᠵᠠᠷ ᠳᠡᠭᠡᠷᠡᠬᠢ ᠬᠠᠷ᠎ᠠ ᠮᠥᠰᠥ ᠶᠢ ᠬᠠᠭᠠᠯᠵᠤ ᠬᠤᠰᠤᠭᠠᠳ᠂ ᠨᠥᠭᠦᠭᠡ ᠨᠢᠭᠡ ᠳᠤᠭᠤᠶᠢᠯᠠᠩ ᠨᠢ ᠬᠦᠷᠵᠡ᠂ ᠱᠦᠭᠦᠷ ᠢᠶᠠᠷ ᠰᠠᠶ᠋ᠢᠬᠠᠨ ᠬᠤᠰᠤᠵᠤ ᠠᠪᠤᠭᠰᠠᠨ ᠬᠠᠷ᠎ᠠ ᠮᠥᠰᠥ ᠶᠢ ᠴᠠᠭ ᠲᠤᠬᠠᠶ ᠳᠤᠨᠢ ᠴᠡᠪᠡᠷᠯᠡᠵᠡᠶ᠃      ᠹᠦ᠋ ᠵᠢᠶᠠᠨ ᠴᠠᠩ ᠨᠡᠶᠢᠭᠡᠮ ᠲᠣᠭᠤᠷᠢᠭ ᠤᠨ ᠠᠵᠢᠯᠲᠠᠨ ᠤ ᠲᠠᠨᠢᠯᠴᠠᠭᠤᠯᠤᠭᠰᠠᠨ ᠢᠶᠠᠷ᠂ ᠡᠨᠡ ᠤᠳᠠᠭᠠᠨ ᠤ ᠬᠠᠷ᠎ᠠ ᠮᠥᠰᠥ ᠶᠢ ᠠᠷᠢᠯᠭᠠᠵᠤ ᠠᠷᠠᠳ ᠤᠨ ᠵᠤᠪᠠᠨᠢᠯ ᠢ ᠠᠷᠢᠯᠭᠠᠬᠤ ᠠᠵᠢᠯᠯᠠᠭ᠎ᠠ ᠨᠢ ᠰᠠᠭᠤᠭᠠᠯᠢ ᠠᠷᠠᠳ ᠤᠨ ᠨᠡᠶᠢᠳᠡᠮ ᠤᠨ ᠰᠠᠶᠢᠨ ᠦᠨᠡᠯᠡᠯᠲᠡ ᠶᠢ ᠤᠯᠤᠭᠰᠠᠨ ᠢᠶᠠᠷ ᠪᠠᠷᠠᠬᠤ ᠦᠭᠡᠢ ᠰᠠᠶᠢᠨ ᠳᠤᠷᠠᠴᠤᠳ ᠤᠨ ᠠᠵᠢᠯᠯᠠᠭ᠎ᠠ ᠨᠢ ᠰᠠᠭᠤᠭᠠᠯᠢ ᠠᠷᠠᠳ ᠢ ᠴᠤ ᠨᠥᠯᠥᠭᠡᠯᠡᠵᠦ᠂ ᠨᠠᠩ ᠣᠯᠠᠨ ᠰᠠᠭᠤᠭᠠᠯᠢ ᠠᠷᠠᠳ ᠳᠡᠲᠡᠨ ᠤ ᠡᠩᠨᠡᠭᠡᠨ ᠳᠤ ᠤᠷᠤᠵᠤ᠂ ᠬᠠᠷ᠎ᠠ ᠮᠥᠰᠥ ᠶᠢ ᠬᠠᠮᠲᠤ ᠪᠠᠷ ᠠᠷᠢᠯᠭᠠᠵᠠᠭᠠᠭᠰᠠᠨ ᠪᠠᠶᠢᠨ᠎ᠠ᠃
 
ᠢᠷᠡᠯᠲᠡ᠄ ᠬᠥᠬᠡᠬᠤᠲᠠ ᠶᠢᠨ ᠣᠷᠣᠢ ᠶᠢᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号