2020 ᠣᠨ ᠤ 9 ᠳ᠋ᠦ᠋ᠭᠡᠷ ᠰᠠᠷ᠎ᠠ ᠠᠴᠠ ᠡᠬᠢᠯᠡᠨ ᠰᠤᠷᠤᠭᠴᠢ ᠡᠯᠰᠡᠨ᠎ᠡ | ︵ᠰᠤᠷᠪᠤᠯᠵᠢᠯᠠᠭᠴᠢ ᠯᠢᠦ ᠯᠢ ᠰᠢᠶᠠ︶ 12 ᠳ᠋ᠤᠭᠠᠷ ᠰᠠᠷ᠎ᠠ ᠶᠢᠨ 30 ᠤ ᠡᠳᠦᠷ᠂ ᠥᠪᠥᠷ ᠮᠣᠩᠭᠤᠯ ᠤᠨ | ᠬᠤᠷᠢᠨᠭᠡᠷ ᠰᠢᠨ᠎ᠡ ᠲᠣᠭᠤᠷᠢᠭ ᠤᠨ ᠬᠠᠮᠢᠶᠠᠷᠤᠯᠲᠠ ᠶᠢᠨ ᠵᠥᠪᠯᠡᠯ ᠰᠣᠨᠢᠨ ᠮᠡᠳᠡᠭᠡ ᠨᠡᠶᠢᠲᠡᠯᠡᠬᠦ ᠬᠤᠷᠠᠯ | ᠬᠤᠷᠠᠯᠳᠤᠭᠤᠯᠵᠤ᠂ ᠥᠪᠥᠷ ᠮᠣᠩᠭᠤᠯ ᠤᠨ ᠬᠤᠷᠢᠨᠭᠡᠷ ᠰᠢᠨ᠎ᠡ ᠲᠣᠭᠤᠷᠢᠭ ᠲᠤ ᠶᠢᠰᠦᠨ ᠵᠢᠯ ᠤᠨ ᠳᠦᠷᠢᠮᠲᠦ ᠬᠤᠣᠰ | ᠬᠡᠯᠡᠨ ᠤ ᠰᠤᠷᠭᠠᠭᠤᠯᠢ — ᠥᠪᠥᠷ ᠮᠣᠩᠭᠤᠯ ᠤᠨ ᠬᠤᠷᠢᠨᠭᠡᠷ ᠰᠢᠨ᠎ᠡ ᠲᠣᠭᠤᠷᠢᠭ ᠤᠨ ᠹᠧᠩ ᠶᠧ ᠬᠤᠣᠰ ᠬᠡᠯᠡᠨ ᠤ | ᠰᠤᠷᠭᠠᠭᠤᠯᠢ ᠪᠠᠶᠢᠭᠤᠯᠤᠭᠳᠠᠭᠰᠠᠨ ᠢ ᠨᠡᠶᠢᠲᠡᠯᠡᠵᠦ᠂ ᠡᠨᠡ ᠨᠢ ᠬᠥᠬᠡᠬᠤᠲᠠ ᠶᠢᠨ ᠣᠯᠠᠨ ᠤᠯᠤᠰ ᠤᠨ ᠰᠤᠷᠭᠠᠨ | ᠬᠥᠮᠥᠵᠢᠯ ᠤᠨ ᠬᠦᠷᠢᠶᠡᠨ ᠤ ᠬᠤᠭᠤᠰᠤᠨ ᠢ ᠨᠥᠬᠦᠪᠦᠷᠢᠯᠡᠵᠡᠢ᠃ | ᠹᠧᠩ ᠶᠧ ᠰᠤᠷᠭᠠᠨ ᠬᠥᠮᠥᠵᠢᠯ ᠤᠨ ᠪᠦᠯᠦᠭᠯᠡᠯ ᠪᠣᠯ ᠳᠤᠮᠳᠠᠳᠤ ᠤᠯᠤᠰ ᠤᠨ ᠦᠨᠳᠦᠰᠦᠨ ᠰᠤᠷᠭᠠᠨ | ᠬᠥᠮᠥᠵᠢᠯ ᠤᠨ ᠬᠦᠷᠢᠶᠡᠨ ᠳᠠᠬᠢ ᠡᠷᠬᠢᠯᠡᠵᠦ ᠬᠢᠭᠰᠡᠨ ᠴᠠᠭ ᠢᠶᠠᠷ ᠡᠷᠲᠡ᠂ ᠬᠡᠪᠴᠢᠶ᠎ᠡ ᠪᠠᠷ ᠶᠡᠭᠡ ︽ᠬᠤᠣᠰ ᠬᠡᠯᠡᠨ︾ | ᠤ ᠣᠨᠴᠠᠯᠢᠭ ᠢᠶᠠᠷ ᠰᠤᠷᠭᠠᠭᠤᠯᠢ ᠡᠷᠬᠢᠯᠡᠭᠰᠡᠨ ᠪᠠᠶᠢᠭᠤᠯᠤᠮᠵᠢ ᠪᠠᠶᠢᠵᠤ᠂ 25 ᠵᠢᠯ ᠤᠨ ᠰᠤᠷᠭᠠᠭᠤᠯᠢ ᠡᠷᠬᠢᠯᠡᠭᠰᠡᠨ | ᠲᠤᠷᠰᠢᠯᠭ᠎ᠠ ᠲᠠᠢ᠂ ᠣᠳᠣᠬᠠᠨ ᠳᠤ ᠪᠦᠬᠦ ᠤᠯᠤᠰ ᠤᠨ ᠡᠯ᠎ᠡ ᠭᠠᠵᠠᠷ ᠲᠤ ᠨᠢᠭᠡᠨᠲᠡ 100 ᠰᠤᠷᠭᠠᠭᠤᠯᠢ ᠡᠷᠬᠢᠯᠡᠵᠦ᠂ | ᠳᠤᠮᠳᠠᠳᠤ ᠤᠯᠤᠰ ᠲᠠᠭᠠᠨ ᠨᠡᠯᠢᠶᠡᠳ ᠨᠥᠯᠥᠭᠡ ᠲᠠᠢ ᠣᠯᠠᠨ ᠤᠯᠤᠰ ᠤᠨ ᠦᠨᠳᠦᠰᠦᠨ ᠰᠤᠷᠭᠠᠨ ᠬᠥᠮᠥᠵᠢᠯ ᠤᠨ | ᠲᠥᠷᠥᠯ ᠲᠡᠮᠳᠡᠭᠲᠦ ᠪᠣᠯᠵᠠᠢ᠃ ᠬᠤᠷᠢᠨᠭᠡᠷ ᠰᠢᠨ᠎ᠡ ᠲᠣᠭᠤᠷᠢᠭ ᠤᠨ ᠹᠧᠩ ᠶᠧ ᠰᠤᠷᠭᠠᠭᠤᠯᠢ ᠪᠣᠯ ᠹᠧᠩ ᠶᠧ ᠶᠢᠨ | ᠰᠢᠰᠲ᠋ᠧᠮ ᠤᠨ 101 ᠳᠠᠬᠢ ᠰᠤᠷᠭᠠᠭᠤᠯᠢ ᠪᠣᠯᠣᠨ᠎ᠠ᠃ ᠰᠤᠷᠭᠠᠭᠤᠯᠢ ᠨᠢ ᠰᠢᠨ᠎ᠡ ᠲᠣᠭᠤᠷᠢᠭ ᠤᠨ ᠣᠯᠠᠨ | ᠤᠯᠤᠰ ᠤᠨ ᠦᠨᠳᠦᠰᠦᠨ ᠰᠤᠷᠭᠠᠨ ᠬᠥᠮᠥᠵᠢᠯ ᠤᠨ ᠬᠦᠷᠢᠶᠡᠯᠡᠩ ᠲᠣᠭᠤᠷᠢᠭ ᠲᠤ ᠣᠷᠣᠰᠢᠵᠤ᠂ ᠹᠧᠩ ᠶᠧ ᠰᠤᠷᠭᠠᠨ | ᠬᠥᠮᠥᠵᠢᠯ ᠤᠨ ᠪᠦᠯᠦᠭᠯᠡᠯ ᠠᠴᠠ ᠰᠤᠷᠭᠠᠭᠤᠯᠢ ᠶᠢᠨ ᠡᠵᠡᠩᠨᠡᠯᠲᠡ ᠪᠠ ᠬᠠᠮᠢᠶᠠᠷᠤᠯᠲᠠ ᠶᠢ ᠬᠠᠷᠢᠭᠤᠴᠠᠵᠤ᠂ | ᠬᠡᠦᠬᠡᠳ ᠤᠨ ᠴᠡᠴᠡᠷᠯᠢᠭ᠂ ᠪᠠᠭ᠎ᠠ ᠰᠤᠷᠭᠠᠭᠤᠯᠢ᠂ ᠠᠩᠬ᠎ᠠ ᠳᠤᠮᠳᠠᠳᠤ᠂ ᠳᠡᠭᠡᠳᠦ ᠳᠤᠮᠳᠠᠳᠤ ᠪᠠ ᠭᠠᠳᠠᠭᠠᠳᠤ ᠶᠢᠨ | ᠬᠥᠮᠥᠰ ᠤᠨ ᠬᠡᠦᠬᠡᠳ ᠤᠨ ᠰᠤᠷᠭᠠᠭᠤᠯᠢ ᠲᠠᠪᠤᠨ ᠬᠡᠰᠡᠭ ᠢᠶᠠᠷ ᠪᠦᠷᠢᠯᠳᠦᠨ᠂ 4550 ᠰᠤᠷᠤᠭᠴᠢ ᠶᠢ ᠪᠠᠭᠲᠠᠭᠠᠬᠤ | ᠪᠣᠯᠣᠨ᠎ᠠ᠃ ᠰᠤᠷᠭᠠᠭᠤᠯᠢ ᠨᠢ 2020 ᠣᠨ ᠤ 9 ᠳ᠋ᠦ᠋ᠭᠡᠷ ᠰᠠᠷ᠎ᠠ ᠠᠴᠠ ᠡᠬᠢᠯᠡᠨ ᠰᠤᠷᠤᠭᠴᠢ ᠡᠯᠰᠡᠵᠦ᠂ ᠡᠮᠦᠨ᠎ᠡ | ᠬᠤᠭᠤᠴᠠᠭᠠᠨ ᠳᠤ ᠪᠠᠭ᠎ᠠ ᠰᠤᠷᠭᠠᠭᠤᠯᠢ ᠶᠢᠨ ᠪᠡᠯᠡᠳᠬᠡᠯ ᠠᠩᠭᠢ᠂ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠠᠴᠠ | ᠵᠢᠷᠭᠤᠳᠤᠭᠠᠷ ᠣᠨ᠂ ᠠᠩᠬ᠎ᠠ ᠳᠤᠮᠳᠠᠳᠤ ᠶᠢᠨ ᠳᠣᠯᠣᠳᠤᠭᠠᠷ ᠣᠨ ᠤ ᠨᠠᠰᠤᠨ ᠳᠤ ᠨᠡᠶᠢᠴᠡᠭᠰᠡᠨ ᠬᠡᠦᠬᠡᠳ ᠢ ᠡᠯᠰᠡᠨ᠎ᠡ | ᠃ ᠣᠳᠣᠬᠠᠨ ᠳᠤ᠂ ᠡᠯ᠎ᠡ ᠲᠥᠷᠥᠯ ᠤᠨ ᠪᠡᠯᠡᠳᠬᠡᠯ ᠠᠵᠢᠯ ᠪᠦᠷ ᠤᠷᠤᠭᠰᠢᠲᠠᠢ ᠶᠠᠪᠤᠭᠳᠠᠵᠤ ᠪᠠᠶᠢᠨ᠎ᠠ᠃ |