ᠬᠦᠬᠡᠬᠤᠳᠠ 1000 ᠬᠤᠳᠠ ᠶᠢᠨ ᠠᠷᠠᠳ ᠢ ᠤᠷᠢᠵᠦ ᠵᠢᠮᠳᠤ ᠲᠡᠮᠦᠷ ᠵᠠᠮ ᠤᠨ 1 ᠨᠤᠮᠧᠷᠳᠤ ᠱᠤᠭᠤᠮ ᠢᠶᠠᠷ  ᠠᠶᠠᠯᠠᠭᠤᠯᠵᠠᠢ
ᠨᠡᠶᠢᠲᠡᠯᠡᠭᠰᠡᠨ ᠴᠠᠭ᠄
2019-12-24
        ᠥᠪᠥᠷ ᠮᠣᠩᠭᠤᠯ ᠣᠷᠣᠨ ᠤ ᠲᠦᠷᠦᠬᠦᠦ ᠵᠤᠷᠪᠤᠰ ᠵᠢᠮᠳᠤ ᠲᠡᠮᠦᠷ ᠵᠠᠮ — ᠬᠦᠬᠡᠬᠤᠳᠠ ᠶᠢᠨ ᠵᠢᠮᠳᠤ ᠲᠡᠮᠦᠷ ᠵᠠᠮ ᠤᠨ1 ᠨᠤᠮᠧᠷᠳᠤ  ᠱᠤᠭᠤᠮ  ᠤᠳᠠᠯ  ᠦᠬᠡᠢ  ᠨᠡᠪᠲᠡᠷᠡᠬᠦ ᠳᠤ  ᠴᠢᠭᠯᠡᠬᠦᠯᠵᠦ᠂ ᠬᠦᠬᠡᠬᠤᠳᠠ ᠶᠢᠨ  ᠵᠢᠮᠳᠤ  ᠵᠠᠮ  ᠬᠠᠷᠢᠯᠴᠠᠭᠠᠨ ᠤ ᠺᠤᠮᠫᠠᠨᠢ ᠠᠴᠠ ᠲᠦᠷᠦᠬᠦᠬᠡᠨ 1000 ᠬᠤᠳᠠ ᠶᠢᠨ ᠠᠷᠠᠳ ᠢ ᠤᠷᠢᠵᠦ ᠵᠢᠮᠳᠤ ᠲᠡᠮᠦᠷ ᠵᠠᠮ ᠤᠨ 1  ᠨᠤᠮᠧᠷᠳᠤ  ᠱᠤᠭᠤᠮ ᠢᠶᠠᠷ ᠠᠶᠠᠯᠠᠭᠤᠯᠤᠭᠰᠠᠨ ᠪᠠᠶᠢᠨ᠎ᠠ᠃              ᠠᠶᠠᠯᠠᠬᠤ ᠠᠴᠠ  ᠡᠮᠦᠨ᠎ᠠ᠂  ᠲᠤᠰ  ᠺᠤᠮᠫᠠᠨᠢ ᠶᠢᠨ  ᠠᠵᠢᠯᠳᠠᠳ ᠠᠴᠠ  ᠡᠳᠡᠬᠡᠷ  ᠬᠤᠳᠠ ᠶᠢᠨ  ᠠᠷᠠᠳ ᠢ  ᠪᠦᠯᠦᠭ ᠬᠤᠪᠢᠶᠠᠵᠦ ᠵᠢᠮᠳᠤ ᠲᠡᠮᠦᠷ ᠵᠠᠮ ᠤᠨ ᠦᠷᠳᠡᠭᠡ ᠪᠠᠷ ᠲᠤᠭᠤᠷᠢᠭᠤᠯᠵᠦ ᠦᠵᠡᠬᠦᠯᠵᠡᠢ᠃  ᠵᠢᠮᠳᠤ  ᠲᠡᠮᠦᠷ  ᠵᠠᠮ ᠢᠶᠠᠷ  ᠲᠤᠷᠰᠢᠵᠦ ᠠᠶᠠᠯᠠᠬᠤ ᠶᠠᠪᠤᠴᠠ ᠳᠤ ᠬᠤᠳᠠ ᠶᠢᠨ ᠠᠷᠠᠳ ᠠᠴᠠ  ᠵᠢᠮᠳᠤ  ᠲᠡᠮᠦᠷ  ᠵᠠᠮ ᠤᠨ  1  ᠨᠤᠮᠧᠷᠳᠤ  ᠱᠤᠭᠤᠮ ᠤᠨ  ᠬᠤᠷᠳᠤᠴᠠ᠂ ᠦᠢᠯᠡᠴᠢᠯᠡᠭᠡ ᠵᠡᠷᠬᠡ ᠶᠢ ᠪᠡᠶᠡᠴᠢᠯᠡᠨ ᠮᠡᠳᠡᠷᠡᠵᠦ᠂ ᠵᠢᠮᠳᠤ ᠲᠡᠮᠦᠷ ᠵᠠᠮ ᠤᠨ ᠡᠵᠡᠩᠨᠡᠯᠳᠡ ᠵᠤᠬᠢᠶᠠᠨ ᠪᠠᠶᠢᠭᠤᠯᠤᠯᠳᠠ ᠶᠢᠨ ᠲᠦᠪᠰᠢᠨ ᠪᠠ ᠲᠤᠨᠤᠬᠯᠠᠯ ᠲᠦᠬᠦᠬᠡᠷᠦᠮᠵᠢ ᠶᠢᠨ ᠪᠠᠶᠢᠳᠠᠯ ᠢ  ᠪᠡᠶᠡᠴᠢᠯᠡᠨ  ᠤᠢᠢᠯᠠᠭᠠᠬᠤ ᠶᠢᠨ  ᠬᠠᠮᠳᠤ᠂  ᠪᠠᠰᠠ  ᠵᠦᠢ  ᠵᠤᠬᠢᠰᠳᠠᠢ  ᠰᠠᠨᠠᠯ ᠰᠠᠨᠠᠭᠤᠯᠭ᠎ᠠ ᠲᠤᠷᠠᠳᠤᠬᠰᠠᠨ ᠪᠠᠶᠢᠨ᠎ᠠ᠃ ᠲᠤᠰ ᠺᠤᠮᠫᠠᠨᠢ ᠵᠢᠴᠢ ᠬᠠᠮᠢᠶ᠎ᠠ ᠪᠦᠬᠦᠢ ᠨᠢᠬᠡᠴᠢ ᠶᠢᠨ ᠬᠢᠨ ᠡᠳᠡᠬᠡᠷ ᠰᠠᠨᠠᠯ ᠰᠠᠨᠠᠭᠤᠯᠭ᠎ᠠ ᠶᠢ ᠦᠨᠳᠦᠰᠦᠯᠡᠵᠦ᠂  ᠡᠵᠡᠩᠨᠡᠯᠳᠡ  ᠪᠠ  ᠦᠢᠯᠡᠴᠢᠯᠡᠬᠡᠨ ᠤ  ᠰᠢᠰᠲ᠋ᠧᠮ ᠢᠶᠠᠨ  ᠴᠢᠨᠠᠬᠰᠢᠳᠠ  ᠲᠡᠬᠦᠯᠳᠡᠷᠵᠢᠬᠦᠯᠬᠦ ᠪᠠᠷ  ᠪᠠᠶᠢᠨ᠎ᠠ᠃ ᠲᠦᠯᠦᠪᠯᠡᠭᠡ ᠶᠢ ᠦᠨᠳᠦᠰᠦᠯᠡᠪᠡᠯ᠂ ᠬᠦᠬᠡᠬᠤᠳᠠ ᠶᠢᠨ ᠵᠢᠮᠳᠤ ᠲᠡᠮᠦᠷ  ᠵᠠᠮ ᠤᠨ  1  ᠨᠤᠮᠧᠷᠳᠤ  ᠱᠤᠭᠤᠮ ᠢ  ᠤᠳᠠᠯ  ᠦᠬᠡᠢ ᠨᠡᠪᠲᠡᠷᠡᠬᠦᠯᠬᠦ ᠪᠠᠷ ᠪᠤᠯᠵᠦ᠂ ᠤᠳᠤᠬᠠᠨ ᠳᠤ ᠪᠦᠲᠦᠬᠡᠨ ᠪᠠᠶᠢᠭᠤᠯᠤᠯᠳᠠ ᠳᠤ ᠤᠷᠤᠯᠴᠠᠬᠰᠠᠨ ᠡᠯ᠎ᠠ ᠨᠢᠬᠡᠴᠢ ᠵᠢᠴᠢ  ᠵᠢᠮᠳᠤ  ᠲᠡᠮᠦᠷ ᠵᠠᠮ ᠤᠨ ᠡᠵᠡᠩᠨᠡᠯᠳᠡ ᠶᠢᠨ ᠺᠤᠮᠫᠠᠨᠢ ᠨᠢ ᠶᠠᠬ ᠰᠠᠶᠢᠬᠠᠨ ᠴᠠᠬ ᠢ ᠠᠮᠵᠢᠵᠦ ᠲᠤᠨᠤᠬᠯᠠᠯ ᠲᠦᠬᠦᠬᠡᠷᠦᠮᠵᠢ ᠪᠠᠨ ᠲᠠᠬᠢᠨ ᠪᠠᠶᠢᠴᠠᠭᠠᠵᠦ᠂ ᠪᠠᠴᠢᠮ ᠪᠠᠶᠢᠳᠠᠯ ᠢ ᠠᠷᠭᠠᠴᠠᠭᠠᠬᠤ  ᠡᠯ᠎ᠠ  ᠵᠦᠢᠯ ᠤᠨ  ᠲᠦᠰᠦᠯ ᠤᠨ  ᠰᠤᠷᠢᠯᠳᠠ  ᠬᠢᠵᠦ᠂  ᠠᠵᠢᠯᠳᠠᠳ ᠲᠠᠭᠠᠨ  ᠪᠤᠯᠪᠠᠰᠤᠷᠠᠯ ᠬᠦᠷᠳᠡᠬᠡᠬᠦ ᠶᠢ ᠴᠢᠩᠭᠠᠳᠬᠠᠵᠦ᠂ ᠵᠢᠮᠳᠤ ᠲᠡᠮᠦᠷ  ᠵᠠᠮ ᠢ  ᠨᠡᠪᠲᠡᠷᠡᠬᠦᠯᠬᠦ ᠠᠴᠠ  ᠡᠮᠦᠨᠡᠬᠢ  ᠪᠡᠯᠡᠳᠬᠡᠯ  ᠠᠵᠢᠯ ᠢᠶᠠᠨ  ᠯᠠᠪᠳᠠᠭᠤᠨ ᠪᠠᠳᠤᠳᠠᠢ ᠠᠬᠢᠭᠤᠯᠵᠦ ᠪᠠᠶᠢᠨ᠎ᠠ᠃              ᠬᠦᠬᠡᠬᠤᠳᠠ ᠶᠢᠨ ᠵᠢᠮᠳᠤ ᠲᠡᠮᠦᠷ ᠵᠠᠮ ᠤᠨ 1 ᠨᠤᠮᠧᠷᠲᠤ ᠱᠤᠭᠤᠮ ᠤᠨ ᠭᠠᠯᠳᠤ ᠲᠡᠷᠬᠡ ᠨᠢ ᠨᠡᠶᠢᠳᠡ 24 ᠸᠠᠭᠤᠨ ᠲᠠᠢ ᠪᠠᠶᠢᠵᠦ᠂ ᠭᠠᠯᠳᠤ ᠲᠡᠷᠬᠡ ᠶᠢᠨ ᠬᠠᠮᠤᠬ ᠤᠨ ᠲᠡᠭᠡᠳᠤ ᠬᠤᠷᠳᠤᠴᠠ ᠨᠢ 80 ᠺᠢᠯᠤᠮᠧᠲᠷ/ ᠴᠠᠬ ᠲᠤ  ᠬᠦᠷᠴᠤ᠂  ᠬᠠᠮᠤᠬ ᠤᠨ ᠤᠯᠠᠨ ᠳᠠᠭᠠᠨ 2062 ᠠᠶᠠᠨᠴᠢᠨ ᠢ  ᠪᠠᠭᠳᠠᠭᠠᠨ᠎ᠠ᠃ 1  ᠨᠤᠮᠧᠷᠲᠤ  ᠱᠤᠭᠤᠮ ᠤᠨ  ᠭᠠᠯᠳᠤ  ᠲᠡᠷᠬᠡ ᠨᠢ  ᠤᠳᠤᠬᠠᠨ ᠳᠤ ᠤᠯᠤᠰ ᠤᠨ ᠲᠤᠳᠤᠭᠠᠳᠤ ᠶᠢᠨ ᠬᠠᠮᠤᠬ ᠤᠨ ᠬᠦᠩᠬᠡᠨ ᠬᠦᠩᠬᠡᠨᠴᠠᠭᠠᠨ ᠤ ᠬᠠᠶᠢᠯᠤᠰᠢ ᠶᠢᠨ ᠵᠢᠮᠳᠤ ᠲᠡᠮᠦᠷ ᠵᠠᠮ ᠤᠨ ᠭᠠᠯᠳᠤ ᠲᠡᠷᠬᠡ ᠪᠠᠶᠢᠵᠦ᠂ ᠭᠠᠯᠳᠤ ᠲᠡᠷᠬᠡ ᠶᠢᠨ ᠠᠶᠠᠯᠠᠬᠤ ᠶᠠᠪᠤᠴᠠ ᠳᠠᠬᠢ ᠡᠨᠧᠷᠬᠢ ᠶᠢᠨ ᠬᠤᠷᠤᠬᠳᠡᠯ ᠢ  ᠶᠡᠭᠡ ᠪᠠᠷ  ᠪᠠᠭᠠᠰᠬᠠᠬᠤ ᠶᠢᠨ  ᠬᠠᠮᠳᠤ᠂ ᠭᠠᠵᠠᠷ ᠲᠤᠤᠷᠠᠬᠢ ᠲᠡᠮᠦᠷ ᠵᠠᠮ ᠤᠨ ᠵᠢᠮ ᠬᠢᠬᠡᠳ ᠭᠠᠯᠳᠤ ᠲᠡᠷᠬᠡ ᠶᠢᠨ ᠦᠷᠦᠯᠳᠡ ᠶᠢ ᠪᠠᠭᠠᠰᠬᠠᠵᠦ᠂ ᠭᠠᠯᠳᠤ ᠲᠡᠷᠬᠡ ᠨᠢ  ᠪᠠᠰᠠ ᠤᠯᠤᠰ ᠤᠨ ᠲᠤᠳᠤᠭᠠᠳᠤ ᠳᠤ ᠲᠦᠷᠦᠬᠦᠦ ᠤᠳᠠᠭ᠎ᠠ ᠲᠠᠩ ᠠᠭᠠᠷ ᠲᠤᠬᠢᠷᠠᠭᠤᠯᠤᠬᠴᠢ ᠶᠢᠨ ᠮᠠᠰᠢᠨ  ᠴᠤᠬᠴᠠᠯᠠᠪᠤᠷᠢ ᠶᠢᠨ  ᠵᠢᠷᠤᠬ ᠲᠦᠯᠦᠪᠯᠡᠭᠡ ᠶᠢᠨ ᠲᠦᠰᠦᠯ ᠢ ᠬᠡᠷᠡᠭᠯᠡᠵᠦ  ᠂ ᠠᠭᠠᠷ ᠲᠤᠬᠢᠷᠠᠭᠤᠯᠤᠬᠴᠢ ᠶᠢᠨ  ᠮᠠᠰᠢᠨ  ᠴᠤᠬᠴᠠᠯᠠᠪᠤᠷᠢ ᠳᠤ  ᠰᠢᠨ᠎ᠠ  ᠬᠡᠯᠪᠡᠷᠢ ᠶᠢᠨ ᠦᠯᠢᠶᠡᠯᠳᠡ ᠶᠢᠨ  ᠲᠦᠬᠦᠬᠡᠷᠦᠮᠵᠢ᠂  ᠲᠠᠪᠳᠠᠮᠵᠢᠳᠤ  ᠡᠵᠡᠮᠳᠡᠬᠦᠷ  ᠵᠡᠷᠬᠡ  ᠲᠡᠷᠢᠬᠦᠨ ᠤ   ᠮᠡᠷᠬᠡᠵᠢᠯ ᠢ   ᠬᠡᠷᠡᠭᠯᠡᠵᠦ᠂ ᠠᠭᠠᠷ ᠲᠤᠬᠢᠷᠠᠭᠤᠯᠤᠬᠴᠢ ᠶᠢᠨ ᠲᠤᠯᠠᠭᠠᠨ ᠤ ᠬᠡᠮᠵᠢᠶ᠎ᠠ ᠶᠢ ᠴᠠᠬ  ᠲᠤᠬᠠᠢ ᠳᠤᠨᠢ  ᠡᠵᠡᠮᠳᠡᠵᠦ  ᠲᠡᠶᠢᠯᠬᠦ  ᠪᠤᠯᠤᠬᠰᠠᠨ ᠢᠶᠠᠷ  ᠠᠶᠠᠨᠴᠢᠨ ᠤ ᠲᠤᠭ᠎ᠠ ᠳᠤ ᠦᠨᠳᠦᠰᠦᠯᠡᠨ ᠠᠭᠠᠷ ᠲᠤᠬᠢᠷᠠᠭᠤᠯᠤᠬᠴᠢ ᠶᠢᠨ ᠦᠯᠢᠶᠡᠯᠳᠡ ᠶᠢᠨ  ᠬᠡᠮᠵᠢᠶ᠎ᠠ ᠶᠢ  ᠲᠤᠬᠢᠷᠠᠭᠤᠯᠬᠤ ᠶᠢᠨ  ᠤᠯᠠᠮ ᠢᠶᠠᠷ ᠠᠶᠠᠨᠴᠢᠳ ᠲᠤ ᠨᠡᠩ ᠲᠠᠭᠠᠯᠠᠮᠵᠢᠳᠠᠢ ᠤᠷᠴᠢᠨ ᠬᠠᠩᠭᠠᠬᠤ ᠶᠢᠨ ᠬᠠᠮᠳᠤ᠂ ᠡᠨᠧᠷᠬᠢ ᠶᠢᠨ ᠬᠤᠷᠤᠬᠳᠠᠯ ᠢ 20% ᠪᠠᠷ ᠪᠠᠭᠠᠰᠬᠠᠬᠤ ᠪᠤᠯᠤᠨ᠎ᠠ᠃    
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备16003084号-4号